ᠬᠠᠪᠤᠷ  ᠤᠨ ᠰᠠᠯᠬᠢ
ᠨᠡᠶᠢᠲᠡᠯᠡᠭᠰᠡᠨ ᠴᠠᠭ᠄
2024/3/22
       ᠤᠷᠢᠶᠠᠩᠬᠠᠨ ᠭᠦᠷᠵᠠᠪ      ︵ᠰᠤᠷᠤᠭᠴᠢᠳ ᠤᠨ ᠢᠶᠠᠨ ᠤᠷᠠᠨ ᠤᠩᠰᠢᠯᠭ᠎ᠠ ᠳᠤ   ᠵᠤᠷᠢᠭᠤᠯᠵᠤ ᠪᠢᠴᠢᠭᠰᠡᠨ ᠰᠢᠯᠦᠭ︶     ᠠᠭᠤᠯᠠ  ᠶᠢᠨ ᠴᠠᠰᠤ  ᠶᠢ ᠤᠶᠠᠷᠠᠭᠤᠯᠤᠭᠴᠢ   ᠤᠶᠠᠬᠠᠨ ᠵᠦᠭᠡᠯᠡᠨ ᠰᠡᠪᠡᠯᠵᠡᠭᠡ   ᠤᠷᠭᠤᠮᠠᠯ  ᠤᠨ ᠠᠮᠢ  ᠶᠢ ᠰᠡᠷᠭᠦᠭᠡᠭᠴᠢ   ᠳᠤᠨᠢᠬᠠᠨ ᠲᠤᠯᠠᠭᠠᠨ ᠢᠯᠴᠢ     ᠠᠭᠤᠰᠬᠢ ᠵᠢᠷᠦᠬᠡ  ᠶᠢ ᠠᠭᠤᠵᠢᠷᠠᠭᠤᠯᠤᠭᠴᠢ   ᠠᠭᠤᠳᠠᠮ ᠲᠡᠨᠢᠭᠦᠨ ᠠᠮᠢᠰᠬᠤᠭ᠎ᠠ   ᠤᠷᠮ᠎ᠠ ᠴᠤᠭ  ᠢ ᠬᠦᠭᠵᠢᠭᠡᠭᠴᠢ   ᠤᠴᠢᠷᠲᠠᠢ ᠬᠦᠭᠡᠷᠦᠬᠦᠨ ᠰᠢᠪᠠᠨᠡᠭᠡ     ᠬᠤᠭᠤᠯᠠᠢ  ᠶᠢᠨ ᠪᠡᠯᠴᠢᠭᠡᠷ  ᠢ ᠬᠦᠬᠡᠷᠡᠭᠦᠯᠦᠭᠴᠢ   ᠬᠤᠯᠠ  ᠶᠢᠨ ᠲᠡᠷᠭᠡᠯ ᠬᠠᠷᠠᠴᠠ   ᠬᠤᠭ ᠲᠤᠭᠤᠰᠤ  ᠶᠢ ᠠᠷᠠᠴᠢᠭᠴᠢ   ᠬᠤᠩᠭᠤᠷ ᠴᠠᠭᠠᠨ ᠠᠯᠠᠭ᠎ᠠ     ᠬᠤᠪᠠᠭ᠋ᠠᠢ ᠭᠠᠵᠠᠷ  ᠢ ᠠᠮᠢᠯᠠᠭᠤᠯᠤᠭᠴᠢ   ᠬᠤᠪᠢᠯᠭᠠᠨ ᠤᠪᠠᠳᠢᠰᠳᠤ ᠡᠷᠳᠡᠮ   ᠬᠤᠶᠠᠷ ᠴᠢᠬᠢᠨ ᠳᠤ ᠮᠢᠨᠢ ᠬᠠᠩᠭᠢᠨᠠᠭᠴᠢ   ᠬᠤᠤᠰ ᠦᠭᠡᠢ ᠢᠷᠠᠭᠤ ᠡᠭᠡᠰᠢᠭ ᠁     ᠬᠠᠪᠤᠷ ᠤᠨ ᠰᠠᠯᠬᠢ ᠪᠢᠯᠡ   ᠬᠠᠶᠠ ᠳᠠᠭᠠᠨ ᠴᠢᠩᠨᠠᠵᠤ ᠰᠠᠭᠤᠬᠤ ᠰᠠᠶᠢᠬᠠᠨ ᠪᠢᠯᠡ   ᠬᠠᠯᠠᠭᠤᠨ ᠪᠦᠯᠢᠶᠡᠬᠡᠨ ᠠᠮᠢᠰᠭᠤᠬ᠎ᠠ ᠶᠢ ᠨᠢ   ᠬᠠᠨᠲᠠᠯ᠎ᠠ ᠪᠠᠨ ᠠᠮᠢᠰᠭᠤᠬᠠᠵᠤ ᠶᠠᠪᠤᠬᠤ ᠳᠠᠭᠠᠲᠠᠢ ᠪᠢᠯᠡ︕                        19 93᠂ 03᠂ 01᠂  ᠰᠤᠷᠭᠠᠭᠤᠯᠢ ᠡᠬᠢᠯᠡᠭᠰᠡᠨ ᠡᠳᠦᠷ ᠪᠢᠴᠢᠪᠡ᠃        
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号