ᠲᠦᠷᠬᠦᠮ ᠤᠨ ᠰᠠᠶᠢᠬᠠᠨ ᠨᠤᠲᠤᠭ
ᠨᠡᠶᠢᠲᠡᠯᠡᠭᠰᠡᠨ ᠴᠠᠭ᠄
2024/3/22
           ᠰᠢᠯᠦᠭ᠄ ᠬᠦᠦᠳᠡᠭᠦᠲᠦ           ᠣᠶᠠᠬᠠᠨ ᠡᠵᠢ ᠶᠢᠨ ᠮᠢᠨᠢ ᠪᠦᠦᠪᠡᠢ ᠶᠢᠨ ᠳᠠᠭᠤᠤ ᠶᠢᠨ ᠤᠶᠠᠩᠭ᠎ᠠ ᠰᠢᠩᠭᠡᠭᠰᠡᠨ ᠠᠯᠲᠠᠨ ᠥᠯᠦᠭᠡᠢ ᠤᠬᠠᠭᠠᠨᠲᠤ ᠠᠪᠤ ᠶᠢᠨ ᠮᠢᠨᠢ ᠠᠮᠢᠨ ᠬᠠᠶᠢᠷ᠎ᠠ ᠶᠢᠨ ᠵᠢᠳᠬᠦᠯ ᠠᠭᠤᠰᠤᠭᠰᠠᠨ ᠬᠠᠯᠠᠭᠤᠨ ᠰᠢᠷᠦᠢ ᠡᠯᠢᠭᠡᠰᠡᠭ ᠨᠠᠰᠤᠲᠠᠳ ᠤᠨ ᠮᠢᠨᠢ ᠡᠩᠬᠡ ᠶᠢᠨ ᠢᠷᠦᠭᠡᠯ ᠤᠨ ᠬᠤᠷᠤᠢ ᠤᠷᠤᠰᠢᠭᠰᠠᠨ ᠠᠮᠤᠭᠤᠯᠠᠩ ᠪᠠᠭᠤᠴᠠ ᠡᠪᠦᠭᠡ ᠳᠡᠭᠡᠳᠦᠰ ᠤᠨ ᠮᠢᠨᠢ ᠡᠷᠳᠡᠨᠢᠲᠤ ᠰᠤᠷᠭᠠᠯ ᠤᠨ ᠪᠤᠶᠠᠨ ᠳᠡᠯᠭᠡᠷᠡᠭᠰᠡᠨ ᠳᠠᠷᠬᠠᠨ ᠭᠤᠯᠤᠮᠲᠠ ᠠᠯᠤᠰ ᠤᠨ ᠠᠯᠤᠰ ᠠᠴᠠ ᠳᠤᠷᠠᠰᠳᠠᠭ ᠠᠴᠢᠲᠤ ᠠᠪᠤ ᠶᠢᠨ ᠮᠢᠨᠢ ᠨᠤᠲᠤᠭ ᠮᠢᠨᠢ ᠡ ᠠᠶᠠᠯᠤᠨ ᠠᠶᠠᠯᠤᠨ ᠳᠠᠭᠤᠯᠠᠮᠠᠷ ᠠᠯᠢᠶ᠎ᠠ ᠪᠠᠭ᠎ᠠ ᠶᠢᠨ ᠮᠢᠨᠢ ᠥᠯᠦᠭᠡᠢ ᠶᠤᠮ ᠳ᠋ᠧ ᠲᠡᠮᠡᠦᠯᠦᠨ ᠲᠡᠮᠡᠦᠯᠦᠨ ᠬᠦᠷᠬᠦ ᠳᠤ ᠮᠢᠨᠢ ᠲᠡᠪᠡᠷᠢᠵᠤ ᠦᠨᠦᠰᠦᠭᠰᠡᠨ ᠡᠵᠢ ᠮᠢᠨᠢ ᠡ ᠲᠦᠭᠡᠷᠭᠡ ᠵᠠᠶᠠᠭᠠᠨ ᠤ ᠮᠢᠨᠢ ᠬᠤᠯᠪᠤᠭ᠎ᠠ ᠲᠠᠢ ᠲᠦᠷᠬᠦᠮ ᠤᠨ ᠰᠠᠶᠢᠬᠠᠨ ᠨᠤᠲᠤᠭ ᠮᠢᠨᠤ ᠵᠧ ᠬᠤᠷᠸ᠎ᠠ ᠳᠤ ᠨᠠᠮᠠᠶᠢ ᠢᠷᠡᠬᠦ ᠳᠤ ᠮᠢᠨᠢ ᠪᠦᠭᠡᠴᠡᠶᠢᠯᠡᠵᠦ ᠥᠯᠦᠭᠡᠶᠢᠳᠡᠭᠰᠡᠨ ᠲᠣᠷᠭᠠᠨ ᠡᠩᠭᠡᠷ ᠬᠤᠩᠭᠤᠷ ᠪᠠᠭ᠎ᠠ ᠶᠢᠨ ᠨᠠᠰᠤ ᠶᠢ ᠮᠢᠨᠢ ᠠᠷᠭᠠᠳᠠᠵᠤ ᠥᠰᠭᠡᠭᠰᠡᠨ ᠳᠤᠯᠠᠭᠠᠨ ᠬᠤᠷᠮᠤᠢ ᠬᠤᠶᠢᠨ᠎ᠠ ᠠᠴᠠ ᠮᠢᠨᠢ ᠳᠠᠯᠠᠯᠤᠨ ᠢᠷᠦᠭᠡᠭᠰᠡᠨ ᠰᠦᠨ ᠰᠠᠴᠤᠯᠢ ᠲᠠᠢ ᠠᠰᠢᠳᠠ ᠶᠢᠨ ᠵᠦᠩᠨᠡᠯ ᠬᠤᠯᠠ ᠠᠴᠠ ᠡᠷᠭᠢᠭᠡᠳ ᠢᠷᠡᠬᠦ ᠳᠤ ᠮᠢᠨᠢ ᠢᠨᠢᠶᠡᠭᠡᠳ ᠣᠭᠲᠣᠲᠠᠭ ᠤᠶᠠᠬᠠᠨ ᠮᠡᠯᠮᠡᠢ ᠰᠠᠷᠠᠪᠴᠢᠯᠠᠨ ᠰᠠᠷᠠᠪᠴᠢᠯᠠᠨ ᠬᠦᠯᠢᠶᠡᠳᠡᠭ ᠰᠠᠶᠢᠬᠠᠨ ᠡᠵᠢ ᠶᠢᠨ ᠮᠢᠨᠢ ᠨᠤᠲᠤᠭ ᠮᠢᠨᠢ ᠡ ᠰᠠᠨᠠᠨ ᠰᠠᠨᠠᠨ ᠮᠥᠷᠦᠭᠡᠳᠳᠡᠭ ᠰᠠᠨᠠᠭᠠᠨ ᠤ ᠭᠠᠭᠴᠠᠬᠠᠨ ᠳ᠋ᠧᠪᠡᠵᠡᠨ ᠶᠤᠮ ᠳ᠋ᠧ ᠲᠡᠮᠡᠦᠯᠦᠨ ᠲᠡᠮᠡᠦᠯᠦᠨ ᠬᠦᠷᠬᠦ ᠳᠤ ᠮᠢᠨᠢ ᠲᠡᠪᠡᠷᠢᠵᠤ ᠦᠨᠦᠰᠦᠭᠰᠡᠨ ᠡᠵᠢ ᠮᠢᠨᠢ ᠡ ᠲᠦᠭᠡᠷᠭᠡ ᠵᠠᠶᠠᠭᠠᠨ ᠤ ᠮᠢᠨᠢ ᠬᠤᠯᠪᠤᠭ᠎ᠠ ᠲᠠᠢ ᠲᠦᠷᠬᠦᠮ ᠤᠨ ᠰᠠᠶᠢᠬᠠᠨ ᠨᠤᠲᠤᠭ ᠮᠢᠨᠤ ᠵᠧ ᠲᠦᠭᠡᠷᠭᠡ ᠵᠠᠶᠠᠭᠠᠨ ᠤ ᠮᠢᠨᠢ ᠬᠤᠯᠪᠤᠭ᠎ᠠ ᠲᠠᠢ ᠲᠦᠷᠬᠦᠮ ᠤᠨ ᠰᠠᠶᠢᠬᠠᠨ ᠨᠤᠲᠤᠭ ᠮᠢᠨᠤ ᠵᠧ
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠷᠠᠳᠢᠤ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号