ᠦᠪ ᠰᠤᠶᠤᠯ ᠤᠨ ᠦᠨᠠᠳᠣ ᠡᠷᠳᠠᠨᠢ —— ᠦᠵᠦᠮᠦᠴᠢᠨ ᠬᠤᠷᠢᠮ
ᠨᠡᠶᠢᠲᠡᠯᠡᠭᠰᠡᠨ ᠴᠠᠭ᠄
2024/3/19
      ᠦᠵᠦᠮᠦᠴᠢᠨ ᠨᠤᠳᠤᠭ ᠨᠢ ᠦᠶ᠎ᠠ ᠦᠶ᠎ᠠ ᠶᠢᠨ ᠤᠮᠠᠷᠠᠲᠤ ᠶᠢᠨ ᠦᠨᠳᠦᠰᠦᠲᠡᠨ ᠨᠦᠭᠦᠳ ᠤᠨ ᠠᠷᠠᠳ ᠲᠦᠮᠡᠨ ᠠᠵᠦ ᠲᠦᠷᠦᠨ ᠠᠮᠢᠳᠣᠷᠠᠭᠰᠠᠭᠠᠷ ᠢᠷᠡᠭᠰᠠᠨ ᠦᠵᠡᠰᠬᠦᠯᠠᠩᠳᠣ ᠰᠠᠶᠢᠬᠠᠨ ᠲᠠᠯ᠎ᠠ ᠨᠤᠳᠤᠭ ᠪᠠᠶᠢᠳᠠᠭ ᠢᠶᠠᠷ  ᠢᠶᠠᠨ ᠲᠠᠯ᠎ᠠ ᠨᠤᠲᠤᠭ  ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠥᠨᠢ ᠤᠳᠠᠭᠠᠨ ᠲᠡᠦᠬᠡ ᠶᠢᠨ ᠤᠯᠪᠠᠭ᠎ᠠ᠂ ᠰᠣᠶᠣᠯ ᠤᠨ ᠤᠬᠢ ᠰᠣᠳᠣ ᠶᠢ ᠦᠪᠯᠠᠨ  ᠦᠯᠠᠳᠠᠬᠡᠭᠰᠠᠨ  ᠪᠠᠶᠢᠳᠠᠭ᠃
      ᠦᠵᠦᠮᠦᠴᠢᠨᠴᠤᠳ ᠤᠨ ᠰᠠᠶᠢᠨ ᠰᠠᠶᠢᠬᠠᠨ ᠠᠮᠢᠲᠤᠷᠠᠯ ᠤᠨ ᠡᠷᠢᠯ ᠬᠦᠭᠡᠭᠡᠴᠡᠯᠲᠦᠯ᠂ᠠᠵᠢᠯᠴᠢ  ᠪᠤᠷᠤᠭᠵᠢᠭᠤᠨ  ᠂ ᠵᠤᠴᠢᠨᠰᠠᠭ᠂ ᠶᠤᠰᠤᠷᠬᠠᠭ ᠢ ᠬᠠᠷᠠᠭᠤᠯᠤᠭᠰᠠᠨ ᠤᠶᠤᠨ ᠤ ᠪᠤᠯᠪᠠᠰᠣᠨ ᠤ ᠢᠯᠡᠷᠡᠬᠦᠯᠦᠯ ——  ᠦᠵᠦᠮᠦᠴᠢᠨ ᠬᠤᠷᠢᠮ ᠨᠢ ᠤᠮᠠᠷᠠᠲᠤ ᠬᠢᠯᠢ ᠶᠢᠨ ᠰᠣᠶᠣᠯ ᠤᠨ ᠤᠬᠢ ᠰᠣᠳᠣ ᠶᠢᠨ ᠨᠢᠭᠡ ᠪᠣᠯᠬᠤ ᠪᠥᠭᠡᠳ  ᠠᠩᠬᠠᠨ ᠤ ᠪᠦᠯᠦᠭ ‍ᠤᠨ‌ᠤᠯᠤᠰ ᠤᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ ᠤᠨ ᠨᠡᠷᠡᠰ ᠤᠨ ᠵᠢᠭᠰᠠᠭᠠᠯᠲᠠ ᠳᠤ ᠤᠷᠤᠭᠰᠠᠨ ᠪᠠᠶᠢᠨ᠎ᠠ᠃
      ᠦᠵᠦᠮᠦᠴᠢᠨ ᠬᠤᠷᠢᠮ ᠤᠨ ᠡᠷᠡᠮᠪᠡ ᠲᠠᠷᠠᠭᠠᠯᠠᠯ᠂ ᠶᠤᠰᠤ ᠵᠠᠩᠰᠢᠯ ᠨᠢ ᠤᠯᠠᠨ ᠪᠠᠶᠢᠵᠦ᠂ ᠬᠤᠷᠢᠮ ᠨᠠᠶᠢᠷ ᠤᠨ ᠶᠤᠰᠣᠯᠠᠯ ᠦᠢᠯᠡ ᠳᠤ ᠶᠡᠭᠡ ᠳᠥᠯᠥᠪ ᠪᠡᠷᠢ ᠭᠤᠶᠤᠵᠤ ᠬᠠᠲᠠᠭ ᠲᠠᠯᠪᠢᠬᠤ ᠶᠤᠰᠤ ᠵᠠᠩᠰᠢᠯ᠂ ᠬᠤᠷᠢᠮ ᠨᠠᠶᠢᠷ ᠤᠨ ᠶᠤᠰᠤᠯᠠᠯ ᠤᠨ ᠡᠮᠦᠨᠡᠬᠢ ᠶᠤᠰᠤ ᠵᠠᠩᠰᠢᠯ᠂ ᠬᠡᠤᠬᠡᠨ ᠲᠠᠯ᠎ᠠ ᠶᠢᠨ ᠬᠤᠷᠢᠮ ᠤᠨ ᠶᠤᠰᠤᠯᠠᠯ᠂ ᠬᠦᠤ ᠲᠠᠯ᠎ᠠ ᠶᠢᠨ ᠬᠤᠷᠢᠮ ᠤᠨ ᠶᠤᠰᠤᠯᠠᠯ᠂ ᠬᠤᠷᠢᠮ ᠤᠨ ᠶᠤᠰᠤᠯᠠᠯ ᠤᠨ ᠲᠠᠷᠠᠭᠠᠬᠢ ᠶᠤᠰᠤ ᠵᠠᠩᠰᠢᠯ ᠵᠡᠷᠭᠡ ᠠᠭᠤᠯᠭ᠎ᠠ ᠪᠠᠭᠲᠠᠲᠠᠭ᠂ ᠬᠤᠷᠢᠮ ᠤᠨ ᠶᠤᠰᠤᠯᠠᠯ ᠤᠨ ᠡᠮᠦᠨᠡᠬᠢ ᠶᠤᠰᠤ ᠵᠠᠩᠰᠢᠯ ᠳᠤ᠂ ᠬᠤᠷᠢᠮ ᠤᠨ ᠡᠲᠦᠷ ᠦᠵᠡᠬᠦᠯᠬᠦ ᠶᠤᠰᠤ᠂ ᠬᠤᠷᠢᠮ ᠳᠤ ᠵᠠᠯᠠᠬᠤ ᠶᠤᠰᠤ᠂ ᠰᠢᠨ᠎ᠡ ᠭᠡᠷ ᠮᠢᠯᠢᠶᠠᠬᠤ ᠶᠤᠰᠤ᠂ ᠬᠡᠤᠬᠡᠨ ᠰᠠᠭᠤᠯᠭᠠᠬᠤ᠂ ᠨᠡᠷ᠎ᠡ ᠵᠢᠭᠠᠬᠤ ᠵᠡᠷᠭᠡ ᠲᠡᠰ ᠲᠠᠷᠠᠭᠠᠯᠠᠯ ᠲᠠᠢ ᠶᠠᠪᠤᠭᠲᠠᠲᠠᠭ᠃ ᠬᠡᠤᠭᠡᠨ ᠲᠠᠯ᠎ᠠ ᠶᠢᠨ ᠬᠤᠷᠢᠮ ᠤᠨ ᠶᠤᠰᠤᠯᠠᠯ ᠳᠤ᠂ ᠨᠠᠷ᠎ᠡ ᠵᠢᠭᠠᠭᠴᠢᠳ ᠢ ᠤᠭᠲᠤᠬᠤ᠂ ᠰᠢᠨ᠎ᠡ ᠬᠦᠷᠭᠡᠨ ᠬᠦᠵᠦᠬᠦᠦ ᠨᠤᠭᠤᠯᠬᠤ᠂ ᠬᠦᠷᠭᠡᠨ ᠬᠤᠪᠴᠠᠰᠣᠯᠠᠬᠤ᠂ ᠠᠷᠢᠬᠢ ᠪᠠᠷᠢᠭᠤᠯᠵᠤ᠂ ᠬᠡᠤᠭᠡᠨ ᠮᠤᠷᠲᠠᠭᠤᠯᠬᠤ ᠶᠤᠰᠤ ᠶᠢ  ᠭᠦᠢᠴᠡᠳᠭᠡᠳᠡᠭ᠃ ᠬᠦᠦ ᠲᠠᠯ᠎ᠠ ᠶᠢᠨ ᠬᠤᠷᠢᠮ ᠤᠨ ᠶᠤᠰᠤᠯᠠᠯ ᠳᠤ᠂ ᠬᠡᠤᠭᠡᠨ ᠬᠦᠷᠭᠡᠭᠴᠢᠳ ᠢ ᠤᠭᠲᠤᠬᠤ ᠶᠤᠰᠤ᠂ ᠠᠴᠢᠶ᠎ᠡ ᠭᠥᠰᠭᠡ ᠶᠢ ᠮᠢᠯᠢᠶᠠᠬᠤ ᠶᠤᠰᠣ᠂  ᠬᠡᠤᠭᠡᠨ ᠮᠦᠷᠬᠦᠬᠦᠯᠬᠦ ᠶᠤᠰᠤ᠂ ᠰᠢᠨ᠎ᠡ ᠪᠠᠷᠢ ᠰᠢᠨ᠎ᠡ ᠬᠦᠷᠭᠡᠨ ᠤ ᠮᠦᠷᠬᠦᠯ ᠤᠨ ᠶᠤᠰᠤ᠂ ᠡᠬᠡ ᠶᠢᠨ ᠴᠠᠭᠠᠨ ᠰᠦ ᠬᠠᠷᠢᠭᠤᠯᠠᠬᠤ ᠶᠤᠰᠤ᠂ ᠦᠲᠡᠯᠭᠡ ᠲᠠᠯᠪᠢᠬᠤ ᠶᠤᠰᠤ᠂ ᠪᠤᠷᠪᠢ ᠲᠤᠶᠢᠭ ᠤᠨ ᠨᠠᠶᠢᠷ ᠤᠨ ᠶᠤᠰᠤ ᠵᠡᠷᠭᠡ ᠠᠯᠬᠤᠮ ᠲᠠᠷᠠᠭ᠎ᠠ ᠪᠠᠷ ᠶᠠᠪᠤᠭᠲᠠᠲᠠᠭ᠃ ᠬᠤᠷᠢᠮ ᠤᠨ ᠶᠤᠰᠤᠯᠠᠯ ᠤᠨ ᠲᠠᠷᠠᠭᠠᠬᠢ ᠶᠤᠰᠤ ᠵᠠᠩᠰᠢᠯ ᠳᠤ᠂ ᠬᠡᠤᠬᠡᠨ ᠡᠷᠭᠢᠬᠦ ᠶᠤᠰᠤ᠂ ᠲᠦᠷᠬᠦᠮᠴᠢᠯᠡᠬᠦ ᠶᠤᠰᠤ ᠵᠡᠷᠭᠡ ᠶᠤᠰᠤ ᠵᠠᠩᠰᠢᠯ ᠢ ᠪᠠᠭᠲᠠᠭᠠᠲᠠᠭ᠃
      ᠦᠵᠦᠮᠦᠴᠢᠨ ᠬᠤᠷᠢᠮ ᠨᠢ ᠦᠨᠢ ᠤᠳᠠᠭᠠᠨ ᠲᠠᠣᠬᠡᠳᠣ ᠴᠠᠭ ᠠᠬᠤᠢ ᠶᠢᠨ ᠲᠤᠮᠳᠠ ᠤᠷᠤᠨ ᠨᠤᠳᠤᠭ ᠤᠨ ᠤᠨᠴᠠᠯᠢᠭ ᠰᠢᠨᠵᠢ ᠪᠦᠬᠦᠢ ᠦᠪᠡᠷᠮᠢᠴᠠ ᠶᠤᠰᠣ ᠢᠷᠬᠡᠨᠰᠢᠯ ᠪᠤᠯᠤᠭᠰᠠᠨ ᠢᠶᠠᠷ ᠪᠠᠷᠠᠬᠤ  ᠦᠭᠡᠢ᠂ ᠲᠤᠭᠲᠠᠵᠤ ᠵᠢᠷᠤᠮᠵᠢᠭᠰᠠᠨ ᠭᠤᠴᠢᠭᠠᠳ ᠵᠦᠢᠯ ᠤᠨ ᠨᠠᠷᠢᠨ ᠲᠡᠰ ᠲᠠᠷᠠᠭᠠᠯᠠᠯ᠂ ᠶᠤᠰᠤ ᠭᠤᠷᠢᠮ ᠢᠶᠠᠷ ᠶᠠᠪᠤᠭᠲᠠᠲᠠᠭ ᠪᠣᠯᠬᠤᠷ ᠪᠦᠬᠦᠯᠢ ᠶᠤᠰᠤᠯᠠᠯ ᠦᠢᠯᠡ ᠨᠢ ᠪᠦᠷᠢᠨ ᠰᠢᠰᠲ᠋ᠧᠮ ᠪᠣᠯᠵᠤ ᠪᠦᠷᠢᠯᠲᠦᠭᠰᠡᠨ ᠪᠢᠯᠡ᠃       ᠦᠵᠦᠮᠦᠴᠢᠨ ᠬᠤᠷᠢᠮ ᠨᠢ  ᠦᠨᠳᠦᠰᠦᠲᠡᠨ ᠤ ᠰᠣᠶᠤᠯ ᠤᠨ ᠬᠡᠪ ᠨᠠᠮᠪᠠ᠂ ᠨᠡᠭᠦᠳᠡᠯ  ᠠᠬᠤᠢ ᠠᠮᠢᠳᠤᠷᠠᠯ᠂ ᠤᠶᠤᠨ ᠰᠠᠨᠠᠭᠠᠨ ᠤ ᠭᠦᠰᠠᠯ ᠭᠦᠬᠡᠬᠡᠴᠠᠯᠳᠣᠯ᠂ ᠬᠦᠴᠦᠨ ᠴᠢᠳᠠᠯ ᠢ ᠢᠯᠠᠷᠡᠬᠦᠯᠵᠦ ᠪᠠᠶᠢᠳᠠᠭ ᠢᠶᠠᠷ ᠤᠮᠠᠷᠠᠳᠣ ᠬᠢᠯᠢ  ᠶᠢᠨ ᠰᠣᠶᠤᠯ ᠤᠨ ᠨᠠᠷᠡᠳᠣ ᠲᠡᠮᠳᠡᠭ ᠢ ᠡᠬᠦᠳᠣᠨ ᠪᠠᠶᠢᠭᠤᠯᠬᠤ ᠳᠤ ᠲᠤᠳᠠᠭᠳᠠᠰᠢ ᠪᠤᠯᠤᠰᠢ ᠦᠭᠡᠢ ᠦᠢᠯᠠᠳᠣᠯ ᠴᠢᠳᠠᠪᠬᠢ ᠪᠠᠨ ᠪᠠᠳᠠᠷᠠᠭᠤᠯᠵᠦ  ᠪᠠᠶᠢᠭ᠎ᠠ ᠶᠤᠮ᠃       ᠪᠠᠷᠠᠭᠤᠨ ᠦᠵᠦᠮᠦᠴᠢᠨ ᠬᠤᠰᠢᠭᠤ ᠨᠢ ︽ᠦᠵᠦᠮᠦᠴᠢᠨ ᠬᠤᠷᠢᠮ ︾ ᠦᠵᠡᠭᠳᠡᠯᠲᠦ ᠵᠦᠴᠦᠭᠡ ᠶᠢ ᠰᠢᠩᠭᠡᠬᠡᠨ  ᠦᠢᠯᠠᠳᠴᠦ᠂  ᠦᠵᠦᠮᠦᠴᠢᠨ ᠬᠤᠷᠢᠮ ᠤᠨ ᠪᠦᠬᠦᠶᠢᠯᠠ ᠶᠤᠰᠣ ᠵᠠᠩᠰᠢᠯ ᠢ ᠲᠡᠯᠬᠡᠨ ᠲᠠᠨᠢᠯᠴᠠᠭᠤᠯᠤᠭᠰᠠᠨ ᠶᠤᠮ᠃ ᠡᠨᠡ ᠨᠢ ᠳᠤᠮᠳᠠᠳᠤ ᠶᠢᠨ ᠦᠨᠳᠦᠰᠦᠲᠡᠨ ᠤ ᠰᠢᠯᠢᠳᠡᠭ ᠰᠣᠶᠣᠯ ᠪᠠ ᠤᠯᠠᠮᠵᠢᠯᠠᠯᠲᠤ ᠵᠠᠩ  ᠳᠠᠳᠬᠠᠯ ᠢ ᠨᠠᠩ ᠰᠠᠶᠢᠨ ᠤᠯᠠᠮᠵᠢᠯᠠᠨ  ᠵᠠᠯᠭᠠᠮᠵᠢᠯᠠᠬᠤ ᠳᠤ ᠬᠤᠪᠤᠷ ᠨᠠᠨᠳᠢᠨ ᠮᠠᠲ᠋ᠧᠷᠢᠶᠠᠯ ᠪᠤᠯᠬᠤ ᠨᠢ ᠲᠠᠮᠵᠢᠭ ᠦᠭᠡᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号