| ᠤᠷᠢᠳᠤ ᠳᠤ ᠠᠷᠤ ᠬᠤᠷᠴᠢᠨ ᠨᠤᠲᠤᠭ ᠲᠤ ᠨᠢᠭᠡᠨ ᠠᠪᠤᠷᠭᠤ ᠪᠡᠶ᠎ᠡ ᠠᠭᠤ ᠮᠠᠩᠨᠠᠢ ᠲᠠᠢ᠂ ᠮᠦᠩᠬᠦᠨ ᠰᠠᠬᠠᠯ | ᠮᠦᠰᠢᠶᠡᠩᠬᠦᠢ ᠴᠢᠷᠠᠢ ᠲᠠᠢ᠂ ᠠᠷᠤ ᠶᠢᠨ ᠮᠠᠯᠴᠢᠳ ᠲᠤ ᠪᠠᠨ ᠬᠦᠷᠢᠶᠡᠯᠡᠯ ᠲᠠᠢ᠂ ᠠᠩᠴᠢᠨ ᠰᠢᠪᠠᠭᠤᠴᠢᠨ ᠳᠤ ᠪᠠᠨ | ᠬᠦᠨᠳᠦᠲᠡᠢ ︽ᠡᠷᠭᠡᠳᠡᠨ ᠠᠪᠤ︾ ᠴᠣᠯᠠ ᠲᠠᠢ ᠨᠠᠰᠤᠲᠠᠨ ᠪᠠᠶᠢᠭᠰᠠᠨ ᠭᠡᠨ᠎ᠡ᠃ | ᠨᠠᠰᠤᠲᠠᠨ ᠠᠭᠤᠯᠠ ᠬᠠᠶᠢᠷᠬᠠᠨ ᠤ ᠠᠷᠢᠶᠠᠲᠠᠨ ᠠᠮᠢᠲᠠᠨ ᠢ ᠬᠠᠮᠢᠭᠠᠭᠤᠷ ᠬᠡᠳᠦᠢ ᠪᠠᠶᠢᠬᠤ ᠳᠤ ᠨᠢ ᠬᠦᠷᠲᠡᠯ᠎ᠡ | ᠠᠯᠠᠭᠠᠨ ᠳᠤ ᠪᠠᠨ ᠪᠠᠶᠢᠬᠤ ᠠᠳᠠᠯᠢ ᠠᠨᠳᠠᠯ ᠦᠭᠡᠢ ᠮᠡᠳᠡᠳᠡᠭ ᠤᠴᠢᠷ ᠠᠴᠠ ᠠᠩᠴᠢᠨ ᠮᠠᠯᠴᠢᠨ ᠲᠡᠭᠦᠨ ᠢ ᠪᠠᠶᠢᠭᠠᠯᠢ | ᠳᠡᠯᠡᠬᠡᠢ ᠶᠢᠨ ᠡᠬᠢ ᠪᠠᠶᠠᠯᠢᠭ ᠤᠨ ︽ᠰᠠᠩ ᠬᠠᠮᠢᠶᠠᠷᠤᠭᠴᠢ︾᠂ ᠠᠭᠤᠯᠠ ᠤᠰᠤᠨ ᠤ ︽ᠡᠷᠭᠡᠳᠡᠨ︾ ᠢᠶᠠᠷ ᠦᠵᠡᠵᠦ | ᠪᠢᠰᠢᠷᠡᠨ ᠬᠦᠨᠳᠦᠳᠭᠡᠳᠡᠭ ᠪᠠᠶᠢᠵᠠᠢ᠃ ᠡᠷᠭᠡᠲᠡᠨ ᠠᠪᠤ ᠠᠭᠤᠯᠠ ᠶᠢᠨ ᠪᠠᠷᠰ ᠢ ᠬᠦᠷᠲᠡᠯ᠎ᠡ ᠳᠡᠷᠭᠡᠳᠡ ᠪᠠᠨ ᠳᠠᠭᠤᠳᠠᠨ | ᠠᠪᠴᠢᠷᠠᠵᠤ ᠴᠢᠳᠠᠳᠠᠭ ᠲᠤᠯᠠ ᠡᠬᠡᠯ ᠠᠷᠠᠳ ᠠᠴᠠ ᠭᠡᠷᠭᠡᠮᠳᠡᠨ ᠨᠣᠶᠠᠨ ᠬᠦᠷᠲᠡᠯ᠎ᠡ ᠠᠶᠤᠮᠰᠢᠭ ᠦᠭᠡᠢ ᠲᠡᠭᠦᠨ ᠳᠤ | ᠤᠷᠢᠳᠠᠪᠠᠢ ᠮᠡᠳᠡᠭᠳᠡᠵᠦ ᠭᠠᠵᠠᠷ ᠵᠢᠭᠠᠯᠭᠠᠬᠤ ᠦᠭᠡᠢ ᠪᠠᠷ ᠠᠩᠨᠠᠳᠠᠭ ᠦᠭᠡᠢ ᠭᠡᠨ᠎ᠡ᠃ ᠨᠢᠭᠡ ᠤᠳᠠᠭ᠎ᠠ ᠬᠤᠰᠢᠭᠤᠨ | ᠸᠠᠩ ᠶᠡᠭᠡ ᠠᠩ ᠲᠠᠯᠪᠢᠬᠤ ᠭᠡᠳ ᠡᠷᠭᠡᠲᠡᠨ ᠠᠪᠤ ᠠᠴᠠ ᠬᠦᠷᠲᠡᠭᠡᠯ ᠭᠤᠶᠤᠬᠤ ᠪᠠᠷ ᠳᠠᠭᠠᠮᠠᠯ ᠲᠤᠮᠢᠯᠠᠬᠤ ᠭᠡᠬᠦ ᠳᠤ | ᠪᠠᠭ᠎ᠠ ᠬᠠᠲᠤᠨ ᠨᠢ᠄ ︽ᠶᠢᠷᠲᠢᠨᠴᠦ ᠳᠡᠭᠡᠷ᠎ᠡ ᠤᠯᠠᠨ ᠤ ᠳᠡᠭᠡᠲᠡᠢ ᠨᠤᠶᠠᠨ ᠪᠠᠶᠢᠭᠠᠳ ᠠᠭᠤᠯᠠᠨ ᠤ ᠠᠮᠢᠲᠠᠨ ᠢ | ᠬᠤᠷᠤᠭᠠᠬᠤ ᠳᠤ ᠤᠷᠤᠨ ᠤ ᠡᠪᠦᠭᠡᠨ ᠠᠴᠠ ᠠᠰᠠᠭᠤᠬᠤ ᠶᠠᠭᠤᠨ︖︾ ᠭᠡᠵᠦ ᠵᠠᠩᠳᠤᠷᠤᠭᠰᠠᠨ ᠲᠤᠯᠠ ᠠᠷᠭ᠎ᠠ | ᠦᠭᠡᠢ ᠡᠷᠭᠡᠳᠡᠨ ᠠᠪᠤ ᠶᠢᠨ ᠵᠦᠪᠰᠢᠶᠡᠷᠡᠯ ᠦᠭᠡᠢ ᠪᠠᠷ ᠠᠪᠠ ᠬᠢᠵᠡᠢ᠃ ᠬᠡᠳᠦᠨ ᠡᠳᠦᠷ ᠠᠪᠠᠯᠠᠭᠠᠳ ᠦᠨᠦᠴᠢᠨ | ᠲᠠᠤᠯᠠᠢ ᠴᠦ ᠤᠯᠤᠭᠰᠠᠨ ᠦᠭᠡᠢ ᠲᠤᠯᠠ ᠸᠠᠩ ᠤᠨ ᠬᠠᠲᠤᠨ ᠤ ᠢᠴᠢᠬᠦᠷᠢ ᠨᠢ ᠬᠤᠪᠢᠯᠵᠤ ᠠᠭᠤᠷ ᠪᠣᠯᠣᠭᠠᠳ ᠸᠠᠩ | ᠨᠣᠶᠠᠨ ᠳᠤ ᠪᠠᠨ᠄ ︽ᠳᠡᠩᠳᠡᠭᠦᠯᠵᠦ ᠶᠠᠷᠢᠳᠠᠭ ᠤᠨᠴᠠ ᠡᠷᠭᠡᠲᠦ ᠡᠪᠦᠭᠡᠨ ᠢᠶᠠᠨ ᠠᠪᠴᠤ ᠢᠷ᠎ᠡ᠂ ᠪᠢ ᠪᠠᠷᠰ | ᠦᠵᠡᠨ᠎ᠡ︾ ᠭᠡᠵᠦ ᠤᠷᠢᠯᠠᠪᠠ᠃ | ᠡᠷᠭᠡᠳᠡᠨ ᠠᠪᠤ᠂ ᠸᠠᠩ ᠤᠨ ᠵᠠᠬᠢᠶ᠎ᠠ ᠪᠠᠷ ᠦᠨᠡᠭᠡᠷ ᠨᠢᠭᠡ ᠬᠦᠷᠡᠩ ᠡᠷᠢᠶᠡᠨ ᠪᠠᠷᠰ ᠢ ᠳᠠᠭᠠᠭᠤᠯᠤᠨ ᠢᠷᠡᠪᠡᠯ | ᠸᠠᠩ ᠤᠨ ᠬᠠᠲᠤᠨ ᠦᠩᠬᠦᠯᠴᠡᠭ ᠢᠶᠠᠨ ᠬᠠᠭᠠᠷᠠᠲᠠᠯ᠎ᠠ ᠠᠶᠤᠭᠠᠳ ᠬᠠᠷ᠎ᠠ ᠲᠡᠷᠭᠡᠨ ᠳᠤ ᠪᠠᠨ ᠰᠢᠷᠭᠤᠭᠠᠳ ᠬᠠᠷᠠᠯᠲᠠ | ᠦᠭᠡᠢ ᠵᠢᠭᠤᠳᠠᠪᠠ ᠭᠡᠨ᠎ᠡ᠃ ᠬᠤᠵᠢᠮ ᠨᠢ ᠡᠷᠭᠡᠲᠡᠨ ᠠᠪᠤ ᠶᠢ ᠨᠠᠰᠤ ᠪᠠᠷᠠᠭᠰᠠᠨ ᠤ ᠰᠡᠬᠦᠯᠡᠷ ᠠᠳᠡᠬᠢ ᠠᠭᠤᠯᠠᠨ ᠳᠤ | ᠪᠠᠷᠰ ᠪᠠᠶᠢᠬᠤ ᠦᠭᠡᠢ ᠪᠣᠯᠣᠭᠰᠠᠨ ᠪᠦᠭᠡᠳ ᠠᠩ ᠬᠦᠷᠦᠭᠡ ᠴᠦ ᠴᠦᠭᠡᠷᠡᠵᠦ ᠤᠢ ᠮᠤᠳᠤ ᠨᠢ ᠴᠦ | ᠰᠡᠶᠢᠷᠡᠭᠵᠢᠭᠰᠡᠨ ᠠᠴᠠ ᠮᠠᠯᠴᠢᠳ ᠨᠠᠰᠣᠲᠠᠨ ᠢᠶᠠᠨ ᠰᠠᠨᠠᠭᠠᠯᠵᠠᠬᠤ ᠳᠤ ᠪᠠᠨ ᠪᠠᠭ ᠬᠢᠵᠦ ᠬᠦᠷᠦᠭᠡᠯᠡᠭᠡᠳ ︽ᠴᠠᠭᠠᠨ | ᠡᠪᠦᠬᠡᠨ︾ ᠭᠡᠵᠦ ᠲᠠᠬᠢᠲᠠᠭ ᠪᠣᠯᠣᠭᠰᠠᠨ ᠪᠦᠭᠡᠳ ᠵᠢᠯ ᠪᠦᠷᠢ ᠶᠢᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠪᠣᠯᠬᠤ | ᠪᠦᠷᠢ ᠤᠪᠤᠭ᠎ᠠ ᠲᠠᠬᠢᠨ᠂ ᠪᠠᠷᠰ ᠳᠠᠭᠤᠳᠠᠵᠤ ᠬᠦᠰᠡᠯ ᠰᠡᠳᠬᠢᠯᠭᠡ ᠪᠠᠨ ᠢᠯᠡᠷᠡᠬᠦᠯᠳᠡᠭ ᠪᠣᠯᠵᠤ ᠭᠡᠨ᠎ᠡ᠃ |