ᠢᠷᠠᠭᠤ ᠰᠠᠶᠢᠬᠠᠨ  ᠠᠶᠠᠯᠭᠤ — ᠤᠷᠳᠣ ᠶᠢᠨ ᠲᠠᠭᠤᠤ
ᠨᠡᠶᠢᠲᠡᠯᠡᠭᠰᠡᠨ ᠴᠠᠭ᠄
2024/3/29
᠎      ᠮᠣᠩᠭᠤᠯ ᠦᠨᠳᠦᠰᠦᠲᠡᠨ ᠤ ᠤᠷᠳᠤ ᠶᠢᠨ ᠳᠠᠭᠤᠤ(ᠦᠵᠦᠮᠦᠴᠢᠨ ᠤᠷᠳᠤ ᠶᠢᠨ ᠳᠠᠭᠤᠤ)᠎ ᠨᠢ ᠦᠨᠢ ᠡᠷᠲᠡᠨ ᠤ ᠤᠯᠪᠠᠭ᠎ᠠ ᠲᠠᠢ ᠪᠠᠶᠢᠵᠤ᠂ ᠠᠮᠤᠭᠤᠯᠠᠩᠳᠦ ᠲᠦᠷᠥ ᠶᠢᠨ ᠠᠯᠲᠠᠨ ᠲᠤᠪᠴᠢᠶᠠᠨ ᠳᠤ ᠠᠶ᠎ᠠ ᠲᠠᠭᠤᠨ ᠤ ᠭᠠᠶᠢᠬᠠᠮᠰᠢᠭ ᠢᠶᠠᠷ ᠢᠶᠠᠨ ᠮᠦᠩᠭᠡᠷᠡᠵᠦ᠂ ᠰᠡᠷᠢᠬᠦᠨ ᠰᠠᠶᠢᠬᠠᠨ ᠬᠠᠩᠭᠠᠢ ᠨᠤᠲᠤᠭ ᠲᠤ ᠪᠠᠨ ᠰᠤᠶᠤᠯ ᠵᠠᠩᠰᠢᠯ ᠢᠶᠠᠨ ᠲᠡᠭᠡᠲᠦᠯᠡᠭᠰᠡᠭᠡᠷ ᠢᠷᠡᠭᠰᠡᠨ ᠦᠵᠦᠮᠦᠴᠢᠨᠴᠣᠳ ᠮᠠᠨᠢ ᠤᠷᠲᠦ ᠶᠢᠨ ᠲᠠᠭᠤᠤ ᠪᠠᠨ ᠦᠪᠯᠡᠨ ᠲᠡᠭᠡᠲᠦᠯᠡᠵᠦ᠂ ᠦᠷ᠎ᠡ ᠬᠤᠶᠢᠴᠢᠰ ᠲᠤ ᠪᠠᠨ ᠤᠯᠠᠮᠵᠢᠯᠠᠭᠰᠠᠭᠠᠷ ᠢᠷᠡᠭᠰᠡᠨ ᠶᠤᠮ᠃      ᠦᠵᠦᠮᠦᠴᠢᠨ ᠤ ᠤᠷᠲᠤ  ᠎ ᠶᠢᠨ ᠠᠶᠠᠯᠭᠤ ᠪᠣᠯ ᠤᠮᠠᠷᠠᠲᠤ ᠣᠷᠣᠨ ᠤ ᠬᠠᠮᠤᠭ ᠡᠷᠲᠡᠨ ᠤ ᠠᠷᠠᠳ ᠤᠨ ᠠᠶᠠᠯᠭᠤ  ᠎ ᠶᠢᠨ ᠨᠢᠭᠡ ᠪᠠᠶᠢᠵᠦ᠂ᠦᠵᠦᠮᠦᠴᠢᠨ ᠤ ᠲᠠᠯ᠎ᠠ ᠨᠤᠲᠤᠭ ᠤᠨ ᠬᠥᠪᠡᠭᠦᠳ ᠥᠬᠢᠳ ᠤᠨ ᠦᠶ᠎ᠡ ᠶᠢᠨ ᠦᠶ᠎ᠡ ᠳᠡᠭᠡᠨ ᠤᠯᠠᠮᠵᠢᠯᠠᠭᠳᠠᠭᠰᠠᠨ ᠰᠣᠶᠣᠯ ᠤᠨ ᠥᠪ ᠪᠠᠶᠢᠵᠤ᠂ ᠲᠠᠪᠤᠳᠤᠭᠠᠷ ᠪᠦᠯᠦᠭ ᠤᠯᠤᠰ ᠤᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠲᠦᠷᠦᠯ ᠵᠦᠢᠯ ᠤᠨ ᠨᠡᠷᠡᠰ ᠲᠤ    ᠰᠣᠩᠭᠤᠭᠳᠠᠵᠠᠢ᠃ ᠦᠵᠦᠮᠦᠴᠢᠨ ᠤ ᠤᠷᠲᠤ  ᠎ ᠶᠢᠨ ᠠᠶᠠᠯᠭᠤ ᠨᠢ ᠦᠨᠳᠦᠰᠦᠨ ᠳᠡᠭᠡᠨ ᠴᠥᠮ ᠵᠣᠬᠢᠶᠠᠨ ᠪᠦᠲᠦᠭᠡᠯᠭᠡ  ᠎ ᠶᠢᠨ ᠳᠣᠮᠤᠭ ᠶᠠᠷᠢᠶ᠎ᠠ ᠪᠠ ᠲᠡᠦᠬᠡᠨ ᠠᠬᠤᠢ ᠪᠠᠶᠢᠳᠠᠯ  ᠲᠠᠢ᠂ ᠠᠶ᠎ᠠ ᠠᠮᠢᠰᠬᠤᠯ ᠠᠭᠤᠵᠢᠮ ᠲᠡᠨᠢᠬᠦᠨ᠂ ᠬᠥᠭ ᠠᠶᠠᠯᠭᠤ ᠤᠷᠤᠰᠦᠮ᠎ᠡ ᠴᠢᠯᠦᠬᠡᠲᠡᠢ᠂ ᠡᠭᠡᠰᠢᠭ ᠨᠤᠭᠤᠯᠠᠭ᠎ᠠ ᠤᠷᠠᠨ ᠭᠤᠶᠢᠲᠠ ᠁ ᠵᠡᠷᠭᠡ ᠤᠨᠴᠠᠯᠢᠭ ᠲᠠᠢ ᠪᠠᠶᠢᠲᠠᠭ ᠢᠶᠠᠷ ᠢᠶᠠᠨ ᠪᠤᠰᠤᠳ ᠭᠠᠵᠠᠷ ᠤᠷᠤᠨ ᠠᠴᠠ ᠢᠯᠭᠠᠭᠲᠠᠲᠠᠭ᠃     ᠮᠣᠩᠭᠤᠯ ᠦᠨᠳᠦᠰᠦᠲᠡᠨ ᠤ ᠤᠷᠳᠤ ᠶᠢᠨ ᠳᠠᠭᠤᠤ(ᠦᠵᠦᠮᠦᠴᠢᠨ ᠤᠷᠳᠤ ᠶᠢᠨ ᠳᠠᠭᠤᠤ)᠎ ᠨᠢ ᠮᠤᠩᠭᠤᠯ ᠦᠨᠲᠦᠰᠦᠲᠡᠨ ᠤ ᠠᠷᠠᠳ ᠤᠨ ᠲᠠᠭᠤᠤ ᠶᠢᠨ ᠪᠠᠶᠠᠨ ᠰᠠᠩ ᠲᠤᠲᠤᠷᠠᠬᠢ ᠴᠢᠬᠤᠯᠠ ᠪᠦᠷᠢᠯᠲᠦᠬᠦᠨ ᠭᠡᠰᠡᠭ ᠪᠣᠯᠬᠤ ᠪᠦᠭᠡᠳ ᠦᠩᠬᠡ ᠭᠡᠷᠡᠯ ᠰᠠᠴᠤᠷᠠᠭᠤᠯᠤᠭᠰᠠᠭᠠᠷ ᠢᠷᠡᠭᠰᠡᠨ ᠨᠢᠭᠡ ᠳᠦᠷᠦᠯ ᠤᠨ ᠰᠢᠰᠲ᠋ᠧᠮ ᠲᠡᠬᠦᠯᠲᠡᠷ ᠤᠷᠠᠯᠢᠭ ᠤᠨ ᠬᠡᠯᠪᠡᠷᠢ ᠪᠣᠯᠬᠤ ᠪᠠᠷ ᠪᠠᠷᠠᠬᠤ ᠦᠬᠡᠢ ᠮᠦᠨ ᠴᠦ ᠨᠢᠭᠡ ᠲᠦᠷᠦᠯ ᠤᠨ ᠠᠮᠠᠨ ᠤᠯᠠᠮᠵᠢᠯᠠᠯᠲᠦ ᠠᠷᠠᠳ ᠤᠨ ᠤᠷᠠᠯᠢᠭ ᠶᠤᠮ᠃  ᠪᠠᠷᠠᠭᠤᠨ ᠦᠵᠦᠮᠦᠴᠢᠨ ᠨᠢ ︽ᠤᠷᠲᠦ ᠶᠢᠨ ᠲᠠᠭᠤᠨ ᠤ  ᠤᠤᠭᠠᠯ  ᠨᠤᠳᠤᠭ︾ ᠭᠡᠰᠡᠨ ᠰᠠᠶᠢᠬᠠᠨ ᠠᠯᠲᠠᠷᠲᠠᠢ᠂ ᠦᠵᠦᠮᠦᠴᠢᠨ ᠨᠤᠲᠤᠭ ᠤᠨ ᠤᠷᠤᠭ ᠬᠤᠷᠢᠮ᠂ ᠨᠠᠶᠢᠷ ᠨᠠᠭᠠᠳᠤᠮ᠂ ᠵᠢᠯ ᠤᠰᠤᠨ ᠤ ᠪᠠᠶᠠᠷ ᠨᠠᠶᠢᠷ ᠲᠤ ︽ᠪᠤᠭᠳᠠ ᠴᠢᠩᠭᠢᠰ︾᠂ ︽ᠶᠡᠭᠡ ᠪᠤᠭᠳᠠ ᠪᠤᠯᠠᠭᠠᠨ ᠬᠠᠩᠭᠠᠢ︾᠂ ︽ᠠᠮᠤᠭᠤᠯᠠᠩᠳᠦ ᠲᠦᠷᠥ ᠶᠢᠨ ᠲᠤᠪᠴᠢᠶᠠᠨ︾ ᠵᠡᠷᠭᠡ ᠲᠦᠷᠦ ᠶᠢᠨ ᠭᠤᠷᠪᠡᠨ ᠳᠠᠭᠤᠤ ᠪᠠᠨ ᠳᠠᠭᠤᠯᠠᠵᠦ ᠡᠬᠢᠯᠡᠭᠦᠯᠳᠡᠭ ᠵᠠᠩᠰᠢᠯ ᠲᠠᠢ᠃     ᠮᠣᠩᠭᠤᠯ ᠦᠨᠳᠦᠰᠦᠲᠡᠨ ᠤ ᠤᠷᠳᠤ ᠶᠢᠨ ᠳᠠᠭᠤᠤ ︵ᠦᠵᠦᠮᠦᠴᠢᠨ ᠤᠷᠳᠤ ᠶᠢᠨ ᠳᠠᠭᠤᠤ︶᠎ ᠶᠢ ᠲᠠᠭᠤᠯᠠᠬᠤ ᠠᠭᠤᠯᠭ᠎ᠠ ᠪᠠᠷ ᠨᠢ ᠣᠷᠲᠤᠨ ᠤ ᠲᠠᠭᠤᠤ᠂ ᠱᠠᠰᠢᠨ ᠤ ᠲᠠᠭᠤᠤ᠂ ᠨᠠᠶᠢᠷ ᠬᠤᠷᠢᠮ ᠤᠨ ᠲᠠᠭᠤᠤ ᠭᠡᠬᠦ ᠭᠤᠷᠪᠠᠨ ᠶᠡᠭᠡ ᠳᠦᠷᠦᠯ ᠳᠤ ᠬᠤᠪᠢᠶᠠᠲᠠᠭ ᠶᠤᠮ᠃ ᠲᠠᠭᠤᠯᠠᠬᠤ ᠠᠷᠭ᠎ᠠ ᠪᠠᠷᠢᠯ ᠢᠶᠠᠷ ᠨᠢ ︽ᠠᠶᠢᠵᠠᠮ ᠤᠷᠲᠦ ᠶᠢᠨ ᠲᠠᠭᠤᠤ︾ ᠪᠠ ︽ᠪᠡᠰᠡᠷᠡᠭ ᠤᠷᠲᠦ ᠶᠢᠨ ᠲᠠᠭᠤᠤ︾ ᠭᠡᠵᠦ ᠬᠤᠶᠠᠷ ᠲᠦᠷᠦᠯ ᠳᠤ ᠬᠤᠪᠢᠶᠠᠲᠠᠭ᠃ ᠡᠬᠦᠨ ᠳᠤ ᠦᠵᠦᠮᠦᠴᠢᠨᠴᠣᠳ ᠤᠨ ᠲᠣᠮᠲᠠ ᠪᠠᠶᠢᠩᠭᠤ ᠲᠠᠭᠤᠯᠠᠭᠲᠠᠲᠠᠭ ᠲᠥᠯᠥᠭᠡᠯᠡᠬᠦ ᠴᠢᠨᠠᠷᠲᠠᠶ ᠤᠷᠲᠦ ᠶᠢᠨ ᠳᠠᠭᠤᠤ ᠳᠤ ︽ᠰᠡᠷᠢᠭᠦᠨ ᠬᠠᠩᠭᠠᠶ︾᠂ ︽ᠶᠡᠭᠡ ᠪᠣᠭᠳᠠ ᠪᠤᠯᠠᠭᠠᠨ ᠬᠠᠩᠭᠠᠶ︾᠂ ︽ᠳᠦᠭᠦᠷᠡᠩᠵᠠᠭᠠᠨ᠎ᠠ︾᠂ ︽ᠴᠠᠭᠠᠨ ᠲᠤᠬᠤᠢ ᠨᠤᠲᠤᠭ︾ ᠵᠡᠷᠭᠡ ᠲᠠᠭᠤᠤ ᠤᠳ ᠪᠤᠶ᠃      ᠴᠢᠯᠦᠭᠡᠯᠡᠭᠳᠡᠬᠦ ᠠᠴᠠ ᠡᠮᠦᠨ᠎ᠡ ᠰᠠᠷᠠᠩᠸᠠᠩᠵᠢᠯ᠂ ᠰᠠᠷᠠᠩᠪᠠᠽᠠᠷ᠂ ᠰᠡᠷᠡᠩ ᠭᠡᠵᠦ ᠦᠵᠦᠮᠦᠴᠢᠨ ᠤ ︽ᠭᠤᠷᠪᠡᠨ ᠰᠧ︾ ᠬᠡᠮᠡᠨ ᠠᠯᠲᠠᠷᠰᠢᠭᠰᠡᠨ ᠳᠠᠭᠤᠴᠢᠳ ᠪᠠᠶᠢᠭᠰᠡᠨ ᠲᠡᠳᠦᠢ ᠦᠭᠡᠢ ᠮᠤᠩᠭᠤᠯ ᠤᠷᠲᠤ ᠶᠢᠨ ᠲᠠᠭᠤᠨ ᠤ  ᠶᠡᠭᠡ ᠪᠠᠭᠰᠢ ᠵᠠᠭᠤᠨᠠᠰᠤᠲᠦ᠂ ᠠᠯᠲᠠᠷᠲᠦ ᠳᠠᠭᠤᠴᠢᠨ᠂ ᠤᠯᠤᠰ ᠤᠨ ᠳᠡᠰ ᠤᠨ ᠤᠷᠲᠦ ᠶᠢᠨ ᠳᠠᠭᠤᠤ ᠶᠢᠨ ᠦᠪᠯᠡᠨ ᠤᠯᠠᠮᠵᠢᠯᠠᠭᠴᠢ᠂ ᠳᠠᠷᠬᠠᠨ ᠳᠠᠭᠤᠴᠢᠨ ᠮᠧᠳᠡᠭ ᠨᠠᠷ ᠤᠨ ᠤᠷᠲᠦ ᠶᠢᠨ ᠳᠠᠭᠤᠤ ᠪᠠᠨ ᠳᠠᠭᠤᠯᠠᠨ ᠤᠯᠠᠮᠵᠢᠯᠠᠵᠦ᠂ ᠮᠣᠩᠭᠤᠯ ᠣᠷᠲᠦ ᠶᠢᠨ ᠲᠠᠭᠤᠤ ᠶᠢ ᠬᠠᠮᠤᠭ ᠠᠩᠬ᠎ᠠ ᠬᠢᠴᠢᠶᠡᠯ ᠤᠨ ᠲᠠᠩᠬᠢᠮ ᠳᠤ ᠤᠷᠤᠭᠤᠯᠵᠤ᠂ ᠤᠷᠲᠤ ᠶᠢᠨ ᠲᠠᠭᠤᠤ ᠶᠢ ᠵᠠᠯᠭᠠᠮᠵᠢᠯᠠᠬᠤ ᠪᠠ ᠳᠥᠬᠡᠮᠡᠯᠵᠢᠬᠦᠯᠬᠦ ᠦᠢᠯᠡ ᠳᠤ ᠮᠠᠰᠢ ᠴᠢᠬᠤᠯᠠ ᠭᠠᠪᠢᠶ᠎ᠠ ᠵᠢᠳᠬᠦᠯ ᠭᠠᠷᠭᠠᠭᠰᠠᠨ ᠨᠢ ᠦᠨᠡᠯᠡᠨ ᠲᠡᠮᠳᠡᠭᠯᠡᠭᠦᠰᠢᠲᠠᠢ ᠁ ᠣᠳᠣᠬᠠᠨ ᠳᠤ ᠪᠠᠷᠠᠭᠤᠨ ᠦᠵᠦᠮᠦᠴᠢᠨ ᠬᠤᠰᠢᠭᠤᠨ ᠤ 2 ᠨᠠᠷ᠎ᠡ ᠥᠪᠡᠷᠲᠡᠭᠡᠨ ᠵᠠᠰᠠᠬᠤ ᠣᠷᠣᠨ ᠤ ᠪᠤᠳᠠᠰ ᠤᠨ ᠪᠤᠰᠣ ᠰᠣᠶᠤᠯ ᠤᠨ ᠦᠪ ᠤᠷᠳᠣ ᠶᠢᠨ ᠲᠠᠭᠤᠨ ᠤ ᠦᠪᠯᠠᠨ ᠤᠯᠠᠮᠵᠢᠯᠠᠭ᠋ᠢ  ᠂  6 ᠨᠠᠷ᠎ᠡ ᠠᠶᠢᠮᠠᠭ ᠤᠨ ᠲᠠᠰ ᠤᠨ ᠦᠪᠯᠠᠨ ᠤᠯᠠᠮᠵᠢᠯᠠᠭᠴᠢ᠂ 10 ᠨᠠᠷ᠎ᠡ  ᠬᠤᠰᠢᠭᠤ ᠲᠠᠰ ᠤᠨ  ᠦᠪᠯᠠᠨ ᠤᠯᠠᠮᠵᠢᠯᠠᠭᠴᠢ  ᠎ ᠲᠠᠢ  ᠪᠠᠶᠢᠵᠦ᠂ ᠦᠪ ᠰᠣᠶᠤᠯ ᠤᠨ ᠠᠯᠳᠠᠨ ᠡᠷᠳᠠᠨᠢ ᠪᠤᠯᠤᠭᠰᠠᠨ ᠤᠷᠳᠣ ᠶᠢᠨ  ᠲᠠᠭᠤᠤ ᠪᠠᠨ ᠦᠷ᠎ᠡ ᠬᠤᠶᠢᠴᠢᠰ ᠎ ᠲᠤ ᠪᠠᠨ ᠦᠪᠯᠠᠨ ᠤᠯᠠᠮᠵᠢᠯᠠᠬᠤ ᠶᠢᠨ ᠲᠠᠭᠠᠤ  ᠎ ᠳᠠᠭᠠᠨ  ᠦᠵᠦᠮᠦᠴᠢᠨ ᠠᠷᠠᠳ ᠤᠨ ᠤᠷᠳᠣ ᠶᠢᠨ ᠳᠠᠭᠤᠤ ᠶᠢ  ᠴᠤᠭᠯᠠᠭᠤᠯᠤᠨ ᠡᠮᠬᠢᠳᠬᠡᠨ  ᠨᠠᠶᠢᠷᠠᠭᠤᠯᠵᠦ᠂ᠠᠷᠠᠳ ᠤᠨ ᠳᠠᠭᠤᠤ ᠶᠢᠨ ᠲᠤᠰᠬᠠᠢ ᠡᠮᠬᠢᠳᠬᠡᠯ ᠢ ᠬᠡᠪᠯᠡᠭᠦᠯᠬᠦ ᠵᠡᠷᠭᠡ ᠠᠵᠢᠯ ᠢ  ᠢᠳᠠᠪᠬᠢᠳᠠᠢ ᠥᠷᠨᠢᠭᠦᠯᠵᠦ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号