ᠠᠮᠲᠠᠲᠤ ᠲᠥᠮᠥᠰᠥ ᠶᠢ ᠢᠩᠭᠢᠵᠦ ᠢᠳᠡᠪᠡᠯ ᠪᠡᠶ᠎ᠡ ᠳᠤ ᠪᠦᠷ ᠰᠠᠶᠢᠨ
ᠨᠡᠶᠢᠲᠡᠯᠡᠭᠰᠡᠨ ᠴᠠᠭ᠄
2024/3/12
      ᠠᠮᠲᠠᠲᠤ ᠲᠥᠮᠥᠰᠥ ᠢᠳᠡᠬᠦ ᠳᠤᠷᠠᠲᠠᠢ ᠬᠥᠮᠥᠰ ᠲᠤ ᠰᠠᠨᠠᠭᠤᠯᠬᠤ ᠨᠢ᠂ ᠠᠮᠲᠠᠲᠤ ᠲᠥᠮᠥᠰᠥ ᠨᠢ ᠬᠥᠮᠥᠨ ᠪᠣᠯᠭᠠᠨ ᠳᠤ ᠲᠣᠬᠢᠷᠠᠬᠤ ᠢᠳᠡᠭᠡᠨ ᠪᠢᠰᠢ ᠰᠢᠦ ᠳ᠋ᠠ ᠵᠠᠷᠢᠮ ᠬᠥᠮᠥᠨ ᠤ ᠬᠤᠳᠣᠭᠤᠳᠤ ᠭᠡᠳᠡᠰᠦ ᠪᠠ ᠤᠨᠲᠠᠯᠭ᠎ᠠ ᠶᠢ ᠴᠢᠨᠢ ᠨᠥᠯᠥᠭᠡᠯᠡᠵᠦ ᠮᠡᠳᠡᠨ᠎ᠡ᠃ ᠠᠮᠲᠠᠲᠤ ᠲᠥᠮᠥᠰᠥ ᠶᠢ ᠰᠢᠷᠠᠭᠰᠠᠨ ᠴᠤ ᠲᠡᠷᠡ᠂ ᠵᠢᠩᠨᠡᠵᠦ ᠴᠢᠨᠠᠭᠰᠠᠨ ᠴᠤ ᠲᠡᠷᠡ᠂ ᠢᠳᠡᠬᠦ ᠦᠶ᠎ᠡ ᠳᠤ ᠪᠠᠰᠠ ᠬᠡᠳᠦᠨ ᠵᠦᠢᠯ ᠢ ᠠᠩᠬᠠᠷᠬᠤ ᠬᠡᠷᠡᠭᠲᠡᠢ᠄     ① ᠳᠡᠯᠢᠭᠦᠦ ᠬᠤᠳᠣᠭᠤᠳᠤ ᠮᠠᠭᠤ ᠪᠣᠯ ᠪᠠᠭ᠎ᠠ ᠢᠳᠡᠬᠦ ᠪᠤᠶᠤ ᠢᠳᠡᠬᠦ ᠦᠭᠡᠢ ᠪᠠᠶᠢᠪᠠᠯ ᠵᠣᠬᠢᠨ᠎ᠠ᠂ ᠡᠶᠢᠮᠦ ᠪᠠᠶᠢᠳᠠᠯ ᠳᠤ ᠢᠳᠡᠪᠡᠯ ᠬᠤᠳᠣᠭᠤᠳᠤᠨ ᠤ ᠳᠠᠷᠤᠯᠲᠠ ᠶᠢ ᠠᠮᠠᠷᠬᠠᠨ ᠨᠡᠮᠡᠭᠳᠡᠭᠦᠯᠵᠦ᠂ ᠬᠤᠳᠣᠭᠤᠳᠤ ᠶᠢ ᠡᠪ ᠦᠭᠡᠢ ᠪᠣᠯᠭᠠᠨ᠎ᠠ᠃     ② ᠤᠨᠲᠠᠬᠤ ᠠᠴᠠ ᠪᠠᠨ ᠡᠮᠦᠨ᠎ᠡ ᠢᠳᠡᠬᠦ ᠦᠭᠡᠢ ᠪᠠᠶᠢᠪᠠᠯ ᠵᠣᠬᠢᠨ᠎ᠠ᠂ ᠬᠡᠷᠪᠡ ᠤᠨᠲᠠᠬᠤ ᠠᠴᠠ ᠪᠠᠨ ᠡᠮᠦᠨ᠎ᠡ ᠢᠳᠡᠪᠡᠯ ᠭᠡᠳᠡᠰᠦ ᠬᠥᠭᠡᠭᠡᠵᠦ᠂ ᠢᠰᠬᠦᠯᠡᠩ ᠠᠮᠲᠠᠭᠳᠠᠨ᠂ ᠬᠡᠪ ᠤᠨ ᠤᠨᠲᠠᠯᠭ᠎ᠠ ᠶᠢ ᠬᠠᠷᠰᠢᠯᠠᠨ᠎ᠠ᠃     ③ ᠰᠢᠬᠢᠷᠯᠢᠭ ᠢᠳᠡᠭᠡᠨ ᠲᠠᠢ ᠬᠠᠮᠲᠤ ᠢᠳᠡᠵᠦ ᠪᠣᠯᠬᠤ ᠦᠭᠡᠢ᠂ ᠢᠩᠭᠢᠪᠡᠯ ᠬᠤᠳᠣᠭᠤᠳᠤ ᠤᠯᠠᠭᠠᠨ ᠬᠤᠭᠤᠯᠠᠢ ᠳᠤ ᠰᠡᠳᠦᠯᠲᠡ ᠥᠭᠴᠦ ᠤᠯᠠᠮ ᠢᠶᠠᠷ ᠣᠭᠰᠢᠭᠤᠯᠬᠤ ᠪᠣᠯᠣᠨ᠎ᠠ᠃
 
ᠢᠷᠡᠯᠲᠡ᠄ ᠬᠦᠯᠦᠨ ᠪᠦᠢᠷ ᠬᠤᠲᠠ ᠶᠢᠨ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号