ᠡᠨᠡ 5 ᠵᠦᠢᠯ ᠤᠨ ᠴᠠᠢ ᠶᠢ ᠬᠠᠮᠤᠭ ᠰᠠᠶᠢᠨ ᠨᠢ ᠪᠢᠲᠡᠭᠡᠢ ᠤᠤᠭᠤ
ᠨᠡᠶᠢᠲᠡᠯᠡᠭᠰᠡᠨ ᠴᠠᠭ᠄
2024/2/28
     ᠡᠨᠡ 5 ᠵᠦᠢᠯ ᠤᠨ ᠴᠠᠢ ᠶᠢ ᠤᠤᠭᠤᠬᠤ ᠶᠢ ᠰᠠᠨᠠᠭᠠᠴᠢᠯᠠᠬᠤ ᠦᠭᠡᠢ          1. ᠥᠳᠬᠡᠨ ᠴᠠᠢ᠂ ᠲᠡᠮᠦᠷᠲᠦ ᠴᠢᠰᠤ ᠳᠤᠲᠠᠬᠤ ᠡᠪᠡᠳᠴᠢᠲᠡᠨ ᠨᠢ ᠥᠳᠬᠡᠨ ᠴᠠᠢ ᠶᠢ ᠪᠠᠭ᠎ᠠ ᠤᠤᠭᠤᠭᠠᠷᠠᠢ᠂ᠥᠳᠬᠡᠨ ᠴᠠᠢ ᠤᠨᠲᠠᠬᠤ ᠶᠢ ᠨᠥᠯᠥᠭᠡᠯᠡᠨ᠎ᠡ᠂ ᠴᠠᠢ ᠤᠤᠭᠤᠬᠤ ᠴᠠᠭ ᠪᠠ ᠬᠡᠮᠵᠢᠶ᠎ᠡ ᠪᠠᠨ ᠴᠤ ᠠᠩᠬᠠᠷᠬᠤ ᠬᠡᠷᠡᠭᠲᠡᠢ᠃    2. ᠸᠠᠯᠠᠭᠰᠠᠨ ᠴᠠᠢ᠂  ᠸᠠᠯᠠᠭᠰᠠᠨ ᠴᠠᠢ ᠶᠢ ᠤᠤᠭᠤᠪᠠᠯ ᠬᠥᠩᠭᠡᠨ ᠦᠶ᠎ᠡ ᠳᠤ ᠰᠠᠭᠤᠯᠭᠠᠬᠤ  ᠵᠡᠷᠭᠡ  ᠢᠳᠡᠭᠡᠨ ᠳᠤ   ᠬᠤᠣᠷᠳᠠᠭᠳᠠᠬᠤ  ᠰᠢᠨᠵᠢ ᠪᠠᠶᠢᠳᠠᠯ ᠭᠠᠷᠴᠤ᠂ ᠬᠦᠨᠳᠦ ᠦᠶ᠎ᠡ ᠳᠤ  ᠡᠯᠢᠭᠡ᠂  ᠪᠥᠭᠡᠷ᠎ᠡ  ᠵᠡᠷᠭᠡ  ᠴᠢᠬᠤᠯᠠ  ᠡᠷᠬᠡᠲᠡᠨ ᠤ  ᠡᠪᠡᠳᠴᠢᠨ ᠤ  ᠬᠤᠪᠢᠷᠠᠯᠲᠠ ᠶᠢ ᠡᠭᠦᠰᠬᠡᠵᠦ ᠮᠡᠳᠡᠨ᠎ᠡ᠃                 3. ᠦᠨᠦᠷᠲᠦ ᠴᠠᠢ᠂ ᠡᠨᠡ ᠴᠠᠢ ᠳᠤ ᠲᠧᠷᠫᠧᠨ ᠤ ᠲᠥᠷᠥᠯ ᠤᠨ ᠪᠣᠳᠠᠰ ᠠᠭᠤᠯᠤᠭᠳᠠᠵᠤ᠂ ᠪᠦᠲᠦᠴᠡ ᠨᠢ  ᠣᠯᠠᠨ   ᠰᠦᠪᠡ ᠲᠠᠢ  ᠪᠠᠶᠢᠳᠠᠭ ᠪᠥᠭᠡᠳ ᠮᠠᠰᠢ ᠠᠮᠠᠷᠬᠠᠨ ᠢᠶᠠᠷ ᠰᠣᠨᠢᠨ ᠦᠨᠦᠷ ᠢ ᠰᠢᠩᠭᠡᠬᠡᠨ ᠠᠪᠳᠠᠭ᠂ ᠲᠡᠭᠦᠨ ᠢ ᠪᠤᠰᠤᠳ ᠦᠨᠦᠷᠲᠦ  ᠶᠠᠭᠤᠮ᠎ᠠ   ᠲᠠᠢ  ᠨᠢᠭᠡ ᠬᠡᠰᠡᠭ ᠬᠤᠭᠤᠴᠠᠭ᠎ᠠ ᠲᠠᠯᠪᠢᠭᠰᠠᠨ ᠤ ᠳᠠᠷᠠᠭ᠎ᠠ ᠮᠠᠰᠢ ᠠᠮᠠᠷᠬᠠᠨ ᠠᠮᠲᠠ ᠨᠢ ᠬᠤᠪᠢᠷᠠᠳᠠᠭ᠃ ᠵᠠᠷᠢᠮ ᠠᠮᠲᠠ ᠳᠤᠨᠢ ᠬᠤᠣᠷᠲᠤ  ᠡᠳ᠋ ᠠᠭᠤᠯᠵᠤ ᠪᠠᠶᠢᠳᠠᠭ᠂ ᠵᠢᠱᠢᠶᠡᠯᠡᠪᠡᠯ ᠰᠢᠷ ᠤᠨ ᠦᠨᠦᠷ ᠵᠡᠷᠭᠡ ᠨᠢ ᠬᠥᠮᠥᠨ ᠤ ᠪᠡᠶ᠎ᠡ ᠳᠤ ᠬᠤᠣᠷ ᠬᠥᠨᠥᠭᠡᠯ ᠤᠴᠠᠷᠠᠭᠤᠯᠳᠠᠭ᠃                 4. ᠤᠳᠠᠭᠠᠨ ᠪᠦᠷᠢᠬᠦ ᠴᠠᠢ᠂ ᠪᠦᠷᠢᠬᠦ ᠴᠠᠭ ᠨᠢ ᠬᠡᠲᠦ ᠣᠷᠳᠣ ᠪᠣᠯᠪᠠᠯ ᠴᠠᠢ ᠶᠢᠨ ᠥᠩᠭᠡ ᠨᠢ ᠪᠦᠳᠡᠭᠢ᠂ ᠠᠮᠲᠠ  ᠨᠢ  ᠠᠨᠠᠢ  ᠪᠣᠯᠵᠤ᠂  ᠠᠮᠲᠠᠯᠠᠬᠤ ᠦᠨ᠎ᠡ ᠥᠷᠲᠡᠭ ᠢᠶᠠᠨ ᠠᠯᠳᠠᠬᠤ ᠪᠠᠷ ᠪᠠᠷᠠᠬᠤ ᠦᠭᠡᠢ᠂ ᠪᠠᠰᠠ ᠴᠠᠢ  ᠳᠣᠲᠣᠷᠠᠬᠢ  ᠸᠢᠲ᠋ᠠᠮᠢᠨ  ᠵᠡᠷᠭᠡ ᠨᠢ  ᠢᠰᠦᠯᠳᠦᠭᠰᠡᠨ ᠠᠴᠠ ᠪᠣᠯᠵᠤ ᠪᠠᠭᠠᠰᠴᠤ᠂ ᠴᠠᠢ ᠶᠢᠨ ᠰᠢᠮ᠎ᠡ ᠲᠡᠵᠢᠭᠡᠯ ᠢ ᠶᠡᠭᠡ ᠪᠠᠷ ᠪᠠᠭᠤᠷᠠᠭᠤᠯᠳᠠᠭ᠃                 5. ᠬᠡᠲᠦ ᠬᠠᠯᠠᠭᠤᠨ ᠴᠠᠢ᠂ ᠴᠠᠢ ᠪᠦᠷᠢᠬᠦ ᠤᠰᠤᠨ ᠤ ᠬᠠᠯᠠᠭᠤᠨ ᠨᠢ ᠶᠡᠷᠦ ᠳᠡᠭᠡᠨ  80℃~90℃  ᠪᠤᠶᠤ   ᠵᠠᠷᠢᠮ ᠳᠠᠭᠠᠨ  ᠪᠠᠰᠠ  100℃ ᠪᠠᠶᠢᠳᠠᠭ᠂ ᠡᠶᠢᠮᠦ ᠠᠴᠠ ᠴᠠᠢ ᠶᠢ ᠬᠡᠲᠦ ᠬᠠᠯᠠᠭᠤᠨ ᠦᠶ᠎ᠡ ᠳᠤ ᠤᠤᠭᠤᠵᠤ‌‍ᠪᠣᠯᠬᠤ  ᠦᠭᠡᠢ᠂  ᠡᠰᠡ  ᠲᠡᠭᠡᠪᠡᠯ  ᠠᠮᠠᠨ ᠤ ᠬᠥᠨᠳᠡᠢ ᠪᠣᠯᠣᠨ ᠤᠯᠠᠭᠠᠨ ᠬᠤᠭᠤᠯᠠᠢ ᠶᠢᠨ ᠰᠠᠯᠢᠰᠤᠲᠤ ᠪᠦᠷᠬᠦᠪᠴᠢ ᠶᠢ ᠬᠠᠯᠠᠭᠠᠵᠤ᠂ ᠰᠢᠷᠬᠠᠯᠠᠭ᠎ᠠ ᠡᠭᠦᠰᠬᠡᠵᠦ᠂ ᠤᠳᠠᠭᠠᠨ ᠳᠠᠭᠠᠨ ᠠᠮᠠᠨ ᠬᠥᠨᠳᠡᠢ ᠶᠢᠨ ᠥᠮᠡᠨ᠂ ᠤᠯᠠᠭᠠᠨ‌ᠬᠤᠭᠤᠯᠠᠢ ᠶᠢᠨ ᠥᠮᠡᠨ ᠢ ᠡᠭᠦᠰᠬᠡᠵᠦ ᠮᠡᠳᠡᠨ᠎ᠡ᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号