ᠴᠠᠭᠠᠨ ᠰᠠᠷ᠎ᠠ ᠶᠢᠨ ᠵᠠᠩ ᠦᠢᠯᠡ ᠶᠢᠨ ᠰᠢᠯᠦᠭᠯᠡᠯ ᠮᠠᠭᠳᠠᠭᠤ
ᠨᠡᠶᠢᠲᠡᠯᠡᠭᠰᠡᠨ ᠴᠠᠭ᠄
2024/2/28
       ᠴᠠᠭᠠᠨ ᠰᠠᠷ᠎ᠠ ᠶᠢᠨ ᠵᠠᠩ ᠦᠢᠯᠡ ᠶᠢᠨ ᠰᠢᠯᠦᠭᠯᠡᠯ ᠮᠠᠭᠳᠠᠭᠤ                   ᠤᠷᠢᠶᠠᠩᠬᠠᠨ ᠤ · ᠶᠤᠨᠳᠤᠨ ᠬᠦᠷ ᠬᠦᠭᠵᠢᠶᠡᠨ ᠲᠠᠢ ᠪᠢᠳᠡᠭᠦᠯᠡᠶ᠎ᠡ ᠴᠠᠭ ᠤᠨ ᠰᠠᠶᠢᠬᠠᠨ ᠤ ᠡᠬᠢᠯᠡᠯᠳᠡ ᠴᠠᠭᠠᠨ ᠰᠠᠷ᠎ᠠ ᠨᠢ ᠢᠷᠡᠯ᠎ᠡ ᠴᠠᠯᠭᠢᠯᠠᠬᠤ ᠪᠤᠶᠠᠨ ᠤ ᠭᠡᠰᠢᠭ ᠲᠠᠢ ᠪᠠᠷᠰ ᠰᠠᠷ᠎ᠠ ᠨᠢ ᠰᠠᠭᠠᠳᠠᠯ᠎ᠠ ᠴᠠᠰᠤᠨ ᠤᠪᠤᠭ᠎ᠠ ᠪᠠᠨ ᠪᠤᠰᠬᠠᠨ ᠴᠡᠪᠡᠷ ᠭᠠᠵᠠᠷ ᠴᠤᠭᠴᠠᠯᠠᠵᠦ ᠴᠠᠯᠬᠢᠮ᠎ᠠ ᠪᠦᠯᠢ ᠶᠢᠨ ᠪᠠᠶᠠᠷ ᠢᠶᠠᠨ ᠦᠶᠦᠭ ᠵᠤᠵᠠᠭᠠᠨ ᠪᠡᠯᠡᠳᠦᠶ᠎ᠠ ᠲᠡᠭᠷᠢ ᠰᠢᠳᠦᠭᠡᠨ ᠢᠶᠠᠨ ᠵᠠᠰᠠᠵᠦ᠂ ᠵᠤᠯᠠ ᠬᠦᠵᠢ ᠪᠠᠨ ᠡᠷᠭᠦᠶ᠎ᠡ ᠲᠡᠭᠡᠳᠦ ᠶᠢᠨ ᠪᠠᠶᠠᠨ ᠤᠯᠠᠮᠵᠢᠯᠠᠯ ᠢᠶᠠᠷ ᠪᠢᠳᠡᠭᠦᠨ ᠦᠳᠡᠰᠢ ᠪᠠᠨ ᠪᠡᠯᠭᠡᠳᠡᠶ᠎ᠡ ᠪᠤᠭᠤᠷᠤᠯ ᠨᠠᠰᠤᠳᠠᠳ ᠢᠶᠠᠨ ᠵᠠᠯᠠᠨ ᠠᠮᠳᠠᠳᠠᠨ ᠤ ᠲᠡᠭᠡᠵᠢ ᠪᠠᠷ ᠪᠠᠶᠠᠰᠬᠠᠵᠦ ᠪᠢᠳᠡᠭᠦᠤ ᠲᠤᠯᠤᠭᠠᠢ ᠪᠠᠨ ᠵᠠᠭᠠᠵᠦ ᠪᠤᠳᠤᠩ ᠤᠨ ᠠᠮᠠᠰᠠᠷ ᠢᠶᠠᠨ ᠨᠡᠭᠡᠭᠡᠶ᠎ᠡᠪᠡᠯᠭᠡᠳᠡᠯ ᠤᠨ ᠢᠷᠦᠭᠡᠯ ᠲᠠᠯᠪᠢᠭᠤᠯᠤᠨ ᠪᠤᠶᠠᠨ ᠭᠡᠰᠢᠭ ᠬᠤᠷᠢᠶᠠᠵᠦ ᠪᠡᠷᠭᠡ ᠬᠠᠳᠠᠭᠤ ᠶᠢ ᠲᠠᠪᠠᠭ᠋ᠤ ᠪᠠᠷ ᠬᠡᠶᠢᠮᠦᠷᠢ ᠰᠦᠯᠳᠡ ᠪᠠᠨ ᠮᠠᠨᠳᠤᠭᠤᠯᠤᠶ᠎ᠠ ᠪᠢᠳᠡᠭᠦᠤ ᠬᠤᠭᠤᠯᠠ ᠪᠠᠨ ᠠᠮᠰᠠᠵᠦ ᠢᠳᠡᠭᠡᠨ ᠤ ᠦᠩ ᠢᠶᠠᠷ ᠵᠢᠷᠭᠠᠵᠦ ᠪᠦᠯᠢ ᠶᠢᠨ ᠬᠠᠯᠠᠭᠤᠨ ᠤᠯᠠᠨ ᠳᠠᠭᠠᠨ ᠪᠢᠳᠡᠭᠦᠨ ᠤ ᠬᠤᠪᠢ ᠪᠠᠨ ᠲᠦᠭᠡᠭᠡᠶ᠎ᠡ ᠠᠵᠢᠨᠠᠢ ᠬᠦᠯᠦᠭ ᠢᠶᠠᠨ ᠰᠦᠢᠵᠦ᠂ ᠭᠠᠩᠭᠠᠨ ᠬᠤᠪᠴᠠᠰᠤ ᠪᠠᠨ ᠭᠡᠳᠤᠷᠴᠤ ᠠᠶᠢᠯ ᠳᠤ ᠬᠠᠷᠢᠯᠠᠭᠰᠠᠳ ᠢᠶᠠᠨ ᠡᠷᠬᠢᠵᠦ ᠡᠯᠢᠭᠡᠨ ᠬᠤᠯᠪᠤᠭ᠎ᠠ ᠪᠠᠨ ᠲᠤᠷᠠᠰᠤᠶ᠎ᠠ ᠠᠮᠢᠳᠤ ᠶᠢᠨ ᠵᠢᠷᠭᠠᠯ ᠳᠠᠭᠠᠨ ᠱᠤᠩᠪᠤᠵᠦ ᠡᠷᠦᠬᠡ ᠭᠡᠷ ᠢᠶᠠᠷ ᠢᠶᠠᠨ ᠬᠦᠭᠵᠢᠨ ᠠᠮᠤᠭᠤᠯᠠᠩᠳᠦ ᠲᠦᠷᠦ ᠪᠠᠨ ᠲᠠᠭᠤᠯᠠᠵᠦ ᠡᠩᠭᠡ ᠠᠮᠢᠳᠤᠷᠠᠯ ᠳᠠᠭᠠᠨ ᠰᠤᠭᠳᠤᠭᠤᠷᠠᠶ᠎ᠠ ᠮᠡᠨᠳᠦ ᠰᠠᠶᠢᠬᠠᠨ ᠰᠢᠨᠡᠯᠡᠶ᠎ᠡ ᠪᠠᠷᠰ ᠴᠠᠭ ᠲᠤ ᠲᠡᠭᠡᠭᠰᠢᠯᠡᠵᠦ ᠠᠯᠳᠠᠨ ᠤᠪᠤᠭᠠᠨ ᠳᠠᠭᠠᠨ ᠭᠠᠷᠤᠶ᠎ᠠ ᠪᠠᠳᠠᠷᠠᠩᠭᠤᠢ ᠲᠡᠭᠷᠢ ᠪᠠᠨ ᠪᠠᠶᠠᠰᠬᠠᠵᠦ ᠵ᠊‍ᠤᠯᠠ ᠶᠢᠨ ᠲᠡᠭᠡᠵᠢ ᠪᠠᠨ ᠡᠷᠭᠦᠶ᠎ᠡ ᠬᠡᠶᠢᠮᠦᠷᠢ ᠶᠢᠨ ᠵᠦᠭ ᠲᠤ ᠮᠤᠷᠳᠡᠵᠦ ᠪᠠᠷᠴᠢᠳ ᠪᠦᠬᠦᠨ ᠢ ᠲᠤᠨᠢᠯᠭᠠᠨᠭᠡᠰᠢᠭ ᠤᠨ ᠵᠦᠭ ᠠᠴᠠ ᠢᠷᠡᠵᠦ ᠭᠡᠷ ᠪᠦᠯᠢ ᠪᠠᠷ ᠢᠶᠠᠨ ᠵᠢᠷᠭᠠᠶ᠎ᠠ ᠠᠵᠠᠢ ᠪᠤᠭᠤᠷᠤᠯ ᠠᠪᠤ ᠡᠵᠢ ᠳᠡᠭᠡᠨ ᠲᠤᠷᠭᠠᠨ ᠬᠠᠳᠠᠭ ᠢᠶᠠᠷ ᠬᠢᠴᠢᠶᠡᠩᠭᠦ᠋ᠢᠯᠡᠨ ᠠᠮᠤᠷ ᠮᠠᠨᠳᠦ ᠶᠢ ᠨᠢ ᠠᠰᠠᠭᠤᠵᠦ ᠠᠰᠢᠳᠠ ᠶᠢᠨ ᠵᠢᠷᠭᠠᠯ ᠢᠶᠠᠷ ᠵᠤᠯᠭᠠᠶ᠎ᠠ ᠠᠯᠳᠠᠨ ᠢᠷᠦᠭᠡᠯ ᠢ ᠨᠢ ᠰᠢᠩᠭᠡᠭᠡᠨ ᠤᠶᠤᠨ ᠤ ᠪᠠᠶᠠᠰᠤᠯ ᠪᠤᠯᠭᠠᠵᠦ ᠠᠭᠳᠠ ᠶᠢᠨ ᠨᠢᠷᠤᠭᠤᠨ ᠳᠤ ᠮᠤᠷᠳᠡᠵᠦ ᠠᠶᠢᠯ ᠤᠯᠠᠨ ᠳᠠᠭᠠᠨ ᠰᠢᠨᠡᠯᠡᠶ᠎ᠡ ᠬᠦᠯᠦᠭ ᠤᠨ ᠲᠤᠭᠤᠷᠠᠢ ᠲᠠᠴᠢᠭᠢᠨᠠᠨ ᠬᠡᠤᠬᠡᠳ ᠬᠦᠭᠡᠷᠦᠯᠳᠦᠨ ᠮᠠᠷᠰᠠᠶᠢᠯᠠᠨ᠎ᠠ ᠭ᠊‍ᠦ᠋ᠷᠦᠰᠦᠳᠦ ᠲᠡᠯᠡᠬᠡᠢ ᠴᠢᠮᠡᠭᠷᠡᠨ ᠡᠪᠦᠭᠡᠳ ᠤᠨ ᠶᠠᠷᠢᠶ᠎ᠠ ᠬᠦᠤᠷᠨᠢᠯᠳᠦᠨ᠎ᠡ ᠰᠢᠵᠢᠷ ᠪᠤᠭᠳᠠ ᠶᠢᠨ ᠰᠢᠯᠢ ᠪᠠᠷ ᠡᠭᠡᠰᠢᠭ ᠲᠠᠭᠤᠨ ᠪᠢᠯᠬᠠᠷᠠᠵᠦ ᠰᠢᠨ᠎ᠡ ᠰᠠᠷ᠎ᠠ ᠶᠢᠨ ᠪᠠᠶᠠᠷ ᠬᠦᠳᠡᠭᠡ ᠲᠠᠯ᠎ᠠ ᠪᠠᠨ ᠪᠠᠶᠠᠰᠬᠠᠨ᠎ᠠ ᠰᠢᠨ᠎ᠡ ᠮᠠᠨᠳᠤ ᠶᠢᠨ ᠵᠤᠯᠭᠠᠯᠳᠠ ᠬᠦᠮᠦᠨ ᠪᠦᠬᠦᠨ ᠤ ᠪᠠᠶᠠᠰᠤᠯ ᠰᠢᠮ᠎ᠡ ᠰᠠᠶᠢᠳᠠᠢ ᠬᠠᠶᠢᠷᠤᠭᠤᠯ ᠢᠶᠠᠷ ᠭᠡᠰᠢᠭ ᠤᠨ ᠬᠠᠷᠢᠭᠤ ᠱᠠᠩᠨᠠᠨ᠎ᠠ ᠴᠠᠭᠠᠨᠳᠡᠢ ᠪᠠᠨ ᠠᠮᠬᠠᠷᠠᠭᠤᠯᠵᠦ ᠴᠠᠭ ᠤᠨ ᠰᠠᠶᠢᠬᠠᠨ ᠢ ᠪᠡᠯᠭᠡᠳᠡᠨ᠎ᠡ ᠴᠠᠢ ᠬᠤᠭᠤᠯᠠ ᠪᠠᠨ ᠠᠶᠠᠭᠠᠯᠠᠵᠦ ᠰᠡᠳᠭᠢᠯ ᠤᠨ ᠪᠠᠶᠠᠨ ᠢ ᠢᠯᠡᠳᠭᠡᠨ᠎ᠡ ᠰᠠᠷᠬᠤᠳ ᠤᠨ ᠲᠡᠭᠡᠵᠢ ᠬᠡᠮᠨᠡᠬᠦ ᠳᠤ ᠢᠷᠦᠭᠡᠯ ᠵᠦᠩᠨᠡᠯ ᠤᠨ ᠬᠠᠷᠢᠭᠤ ᠲᠠᠢ ᠰᠠᠨᠠᠭ᠎ᠠ ᠰᠡᠳᠭᠢᠯ ᠢ ᠬᠦᠭᠵᠢᠭᠡᠬᠦ ᠤᠷᠳᠤ ᠶᠢᠨ ᠲᠠᠭᠤᠤ ᠶᠢᠨ ᠮᠢᠯᠢᠶᠠᠯᠳᠠ ᠲᠠᠢ ᠰᠠᠨᠰᠠᠷ ᠲᠤ ᠲᠤᠯᠬᠤ ᠲᠤᠤᠯᠢᠶᠠᠨ ᠡᠪᠦᠭᠡᠳ ᠵᠠᠯᠠᠭᠤᠰ ᠤᠨ ᠨᠠᠷᠬᠢᠶᠠᠨ ᠰᠠᠷᠠᠭᠤᠯ ᠲᠠᠯ᠎ᠠ ᠶᠢᠨ ᠡᠭᠡᠰᠢᠭᠯᠡᠩ ᠠᠶᠢᠯ ᠭᠡᠷ ᠤᠨ ᠵᠢᠷᠭᠠᠯᠠᠩ ᠨᠠᠮ ᠤᠨ ᠲᠤᠭ ᠤᠨ ᠨᠠᠮᠢᠷᠠᠭᠠᠨ ᠲᠠᠢ ᠬᠢᠯᠢ ᠶᠢᠨ ᠮᠠᠯᠴᠢᠳ ᠴᠡᠩᠭᠡᠯᠳᠡᠢ ᠨᠠᠰᠤᠨ ᠤ ᠪᠤᠶᠠᠨ ᠡᠳ᠋ᠯᠡᠭᠰᠡᠨ ᠬᠦᠮᠦᠨ ᠪᠦᠬᠦᠨ ᠮᠦᠰᠢᠶᠡᠯ ᠲᠠᠢ ᠲᠦᠷᠦ ᠶᠢᠨ ᠰᠦᠯᠳᠡ ᠶᠢᠨ ᠢᠪᠡᠭᠡᠯ ᠲᠠᠢ ᠠᠷᠠᠳ ᠤᠯᠠᠨ ᠠᠮᠤᠭᠤᠯᠠᠩ ᠲᠦᠮᠡᠨ ᠤ ᠦᠢᠯᠡᠰ ᠤᠨ ᠳᠡᠭᠵᠢᠷᠡᠯ ᠲᠠᠢ ᠤᠯᠤᠰ ᠤᠷᠤᠨ ᠨᠠᠶᠢᠷᠠᠮᠳᠠᠯ ᠲᠠᠢ᠃
 
ᠢᠷᠡᠯᠲᠡ᠄ ᠬᠦᠯᠦᠨ ᠪᠦᠢᠷ ᠬᠤᠲᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号