ᠡᠪᠦᠯ ᠳᠡᠭᠡᠨ ᠪᠢ ᠶᠡᠷᠦ ᠲᠠᠭᠠᠷᠠᠬᠤ ᠦᠭᠡᠢ
ᠨᠡᠶᠢᠲᠡᠯᠡᠭᠰᠡᠨ ᠴᠠᠭ᠄
2024/2/28
        ᠡᠪᠦᠯ ᠳᠡᠭᠡᠨ ᠪᠢ ᠶᠡᠷᠦ ᠲᠠᠭᠠᠷᠠᠬᠤ ᠦᠭᠡᠢᠡᠭᠦᠯᠡ ᠪᠤᠳᠠᠩ ᠲᠠᠢ ᠡᠳᠦᠷ ᠴᠦ ᠪᠣᠯᠤᠭ ᠦᠨᠡᠭᠡᠨ ᠬᠠᠷᠠᠩᠭᠤᠢ ᠰᠥᠨᠢ ᠴᠦ ᠪᠣᠯᠤᠭᠦᠯᠢᠶᠡᠵᠦ ᠬᠡᠶᠢᠰᠬᠡᠮᠡᠷ ᠰᠠᠯᠬᠢᠨ ᠳᠤ ᠴᠦ ᠪᠣᠯᠤᠭ ᠦᠢᠯᠡᠲᠦ ᠶᠡᠭᠡ ᠵᠤᠳ ᠲᠤ ᠴᠦ ᠪᠣᠯᠤᠭ ᠡᠪᠦᠯ ᠳᠡᠭᠡᠨ ᠪᠢ ᠶᠡᠷᠦ ᠲᠠᠭᠠᠷᠠᠬᠤ ᠦᠭᠡᠢ ᠬᠦᠢᠲᠡᠨ ᠰᠢᠭᠤᠷᠭᠠᠨ ᠲᠠᠭᠠᠷᠢᠵᠦ ᠬᠥᠷᠥᠰᠥᠲᠦ ᠭᠠᠵᠠᠷ ᠢ ᠬᠥᠯᠳᠡᠭᠡᠭᠡᠳ ᠬᠥᠬᠡ ᠮᠥᠰᠥᠲᠦ ᠶᠢᠷᠲᠢᠨᠴᠦ ᠪᠤᠯᠭᠠᠬᠰᠠᠨ ᠴᠦ ᠬᠥᠮᠥᠨ ᠤ ᠬᠠᠯᠠᠭᠤᠨ ᠰᠡᠳᠬᠢᠯ ᠢ ᠶᠡᠷᠦ ᠬᠥᠯᠳᠡᠭᠡᠵᠦ ᠴᠠᠷᠴᠠᠭᠠᠵᠤ ᠴᠢᠳᠠᠬᠤ ᠦᠭᠡᠢ ᠬᠦᠰᠡᠯ ᠵᠣᠷᠢᠯᠲᠠ ᠶᠢᠨ ᠡᠷᠴᠢᠮ ᠢ ᠪᠦᠷ ᠭ᠊‍ᠥ᠋ᠨᠳᠡᠯᠡᠨ ᠲᠠᠰᠤᠯᠵᠤ ᠴᠢᠳᠠᠬᠤ ᠦᠭᠡᠢ ᠬᠥᠨᠥᠭ ᠲᠠᠢ ᠠᠶᠢᠷᠠᠭ ᠤᠤᠭᠤᠭᠰᠠᠨ ᠬᠦᠴᠦᠨ ᠳᠡᠭᠡᠨ ᠬᠥᠮᠥᠵᠢᠭᠳᠡᠨ ᠥᠰᠴᠦ ᠬᠠᠲᠠᠭᠤᠵᠢᠭᠰᠠᠨ ᠵᠠᠩ ᠳᠠᠭᠠᠨ ᠬᠦᠷᠬᠦ ᠬᠠᠷᠠᠯᠲᠠ ᠵᠦᠭ ᠢᠶᠠᠨ ᠲᠡᠮᠡᠦᠯᠦᠨ ᠬᠦᠰᠡᠯᠡᠩ ᠤᠨ ᠰᠠᠶᠢᠬᠠᠨ ᠢᠶᠠᠨ ᠪᠡᠶᠡᠯᠡᠭᠦᠯᠦᠨ᠎ᠡ ᠭᠤᠨᠠᠨ ᠦᠬᠡᠷ ᠤᠨ ᠡᠪᠡᠷ ᠬᠥᠯᠳᠡᠮᠡᠷ ᠭᠤᠷᠪᠠ ᠶᠢᠰᠦ ᠶᠢᠨ ᠬᠦᠢᠲᠡᠨ ᠳᠤ ᠴᠦ ᠭᠤᠶᠤᠯᠲᠠ ᠨᠥᠬᠦᠴᠡᠯ ᠳᠤᠷᠠᠳᠬᠤ ᠦᠭᠡᠢ ᠪᠠᠷ ᠭᠤᠣᠯᠳᠠᠯᠭ᠎ᠠ ᠵᠠᠩᠭᠢᠯᠠᠭ᠎ᠠ ᠶᠢ ᠴᠢᠩᠭ᠎ᠠ ᠠᠳᠬᠤᠨ ᠭᠤᠣᠯᠴᠢ ᠦᠨᠡᠨᠴᠢ ᠪᠠᠷ ᠵᠢᠳᠬᠦᠯ ᠭᠠᠷᠭᠠᠨ᠎ᠠᠬᠠᠬᠢᠷ ᠬᠦᠢᠲᠡᠨ ᠶᠢᠰᠦ ᠡᠬᠢᠯᠡᠭᠰᠡᠨ ᠢᠬᠠᠨ ᠬᠤᠷᠸ᠎ᠠ ᠶᠢᠨ ᠵᠢᠮ᠎ᠡ ᠪᠠᠷ ᠮᠥᠷᠳᠡᠵᠦ ᠬᠠᠲᠠᠭᠤ ᠭᠠᠮᠰᠢᠭ ᠲᠠᠢ ᠡᠳᠦᠷ ᠲᠤ ᠴᠦ ᠬᠠᠰᠢᠷ ᠳᠠᠳᠮᠠᠭᠠᠢ ᠠᠪᠤ ᠶᠢᠨ ᠢᠶᠠᠨ ᠰᠤᠷᠭᠠᠯ ᠳᠤ ᠬᠠᠲᠠᠭᠤᠵᠢᠵᠤ ᠪᠣᠯᠪᠠᠰᠤᠷᠠᠵᠤ ᠥᠰᠦᠭᠰᠡᠨ ᠳᠡᠭᠡᠨ ᠬᠠᠯᠠᠭᠤᠨ ᠬᠦᠢᠲᠡᠨ ᠢ ᠲᠡᠰᠴᠦ ᠴᠢᠳᠠᠨ᠎ᠠ ᠬᠠᠯᠠ ᠵᠣᠪᠠᠯᠠᠩ ᠢ ᠳᠠᠭᠠᠭᠠᠵᠤ ᠳᠠᠪᠠᠨ᠎ᠠ ᠬᠠᠷ᠎ᠠ ᠰᠢᠭᠤᠷᠭᠠᠨ ᠰᠠᠷᠨᠢᠨ᠎ᠠ ᠬᠠᠬᠢᠷ ᠬᠦᠢᠲᠡᠨ ᠠᠷᠢᠯᠤᠨ᠎ᠠ ᠬᠠᠪᠤᠷ ᠵᠣᠨ ᠨᠠᠮᠤᠷ ᠮᠢᠨᠢ ᠬᠠᠰᠢᠯᠠ ᠵᠢᠮ᠎ᠡ ᠪᠠᠷ ᠢᠶᠠᠨ ᠢᠷᠡᠨ᠎ᠡ ᠬᠠᠨᠠᠭᠠᠷ ᠲᠠᠯ᠎ᠠ ᠴᠡᠴᠡᠭᠯᠡᠨ ᠪᠠᠲᠠᠷᠠᠨ᠎ᠠ ᠬᠠᠷᠭᠠᠢ ᠨᠠᠷᠠᠰᠤ ᠥᠳᠬᠡᠷᠡᠨ ᠬᠥᠬᠡᠷᠡᠨ᠎ᠡ ᠬᠠᠮᠤᠭ ᠳᠡᠯᠡᠬᠡᠢ ᠠᠮᠢᠯᠠᠯ ᠢᠶᠠᠷ ᠪᠢᠯᠬᠠᠨ᠎ᠠ ᠬᠠᠶᠢᠷᠠᠲᠤ ᠤᠯᠤᠰ ᠮᠢᠨᠢ ᠬᠥᠭᠵᠢᠨ ᠴᠡᠴᠡᠭᠯᠡᠨ᠎ᠡ᠃ ᠵᠣᠬᠢᠶᠠᠭᠴᠢ᠄ ᠵᠠ᠊ · ᠣᠷᠭᠢᠯ ︵ᠰᠢᠨᠵᠢᠶᠠᠩ︶
 
ᠢᠷᠡᠯᠲᠡ᠄ ᠬᠦᠯᠦᠨ ᠪᠦᠢᠷ ᠬᠤᠲᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号