ᠮᠡᠳᠡᠭᠡᠵᠢ᠂ ᠨᠠᠮᠤᠷ ᠤᠨ ᠤᠯᠠᠷᠢᠯ ᠪᠣᠯ ᠪᠡᠶ᠎ᠡ ᠮᠠᠬᠠᠪᠤᠳ ᠢᠶᠠᠨ ᠳᠠᠪᠲᠠᠨ ᠪᠣᠯᠪᠠᠰᠤᠷᠠᠭᠤᠯᠬᠤ ᠳᠤ ᠲᠣᠬᠢᠷᠠᠮᠵᠢᠲᠠᠢ | ᠤᠯᠠᠷᠢᠯ ᠮᠥᠨ᠂ ᠨᠠᠮᠤᠷ ᠤᠨ ᠤᠯᠠᠷᠢᠯ ᠳᠤ ᠪᠡᠶ᠎ᠡ ᠮᠠᠬᠠᠪᠤᠳ ᠢᠶᠠᠨ ᠳᠠᠪᠲᠠᠨ ᠪᠤᠯᠪᠠᠰᠤᠷᠠᠭᠤᠯᠬᠤ ᠨᠢ ᠪᠡᠶ᠎ᠡ ᠶᠢᠨ | ᠡᠭᠡᠯᠢᠯᠡᠭᠡ ᠶᠢᠨ ᠴᠢᠳᠠᠪᠤᠷᠢ ᠶᠢ ᠨᠡᠮᠡᠭᠳᠡᠭᠦᠯᠵᠦ᠂ ᠭᠠᠳᠠᠭᠠᠳᠤ ᠣᠷᠴᠢᠨ ᠤ ᠬᠦᠢᠲᠡᠨ ᠢ ᠡᠰᠡᠷᠭᠦᠴᠡᠬᠦ ᠰᠡᠳᠡᠯᠲᠡ ᠥᠭᠬᠦ | ᠴᠢᠳᠠᠪᠤᠷᠢ ᠶᠢ ᠴᠢᠩᠭᠠᠷᠠᠭᠤᠯᠬᠤ ᠳᠤ ᠠᠰᠢᠭᠲᠠᠢ ᠶᠤᠮ᠃ ᠨᠠᠮᠤᠷ ᠤᠨ ᠤᠯᠠᠷᠢᠯ ᠳᠤ ᠥᠷᠯᠥᠭᠡ ᠦᠳᠡᠰᠢ ᠶᠢᠨ | ᠳᠤᠯᠠᠭᠠᠨ ᠤ ᠵᠥᠷᠢᠶ᠎ᠡ ᠶᠡᠭᠡ ᠪᠤᠯᠪᠠᠴᠦ ᠡᠳᠦᠷ ᠤᠨ ᠳᠤᠯᠠᠭᠠᠨ ᠤ ᠬᠡᠮᠵᠢᠶ᠎ᠡ ᠲᠣᠬᠢᠷᠠᠮᠵᠢᠲᠠᠢ ᠦᠶ᠎ᠡ ᠳᠤ ᠬᠥᠳᠡᠯᠭᠡᠭᠡᠨ | ᠬᠢᠬᠦ ᠨᠢ ᠬᠠᠮᠤᠭ ᠤᠨ ᠲᠠᠭᠠᠯᠠᠮᠵᠢᠲᠠᠢ ᠪᠠᠶᠢᠳᠠᠭ᠃ ᠨᠠᠮᠤᠷ ᠤᠨ ᠤᠯᠠᠷᠢᠯ ᠳᠤ ᠪᠡᠶ᠎ᠡ ᠴᠢᠭᠢᠷᠠᠭᠵᠢᠭᠤᠯᠬᠤ ᠨᠢ ᠴᠢᠰᠤᠨ | ᠰᠤᠳᠠᠯ ᠢ ᠵᠥᠭᠡᠯᠡᠷᠡᠭᠦᠯᠵᠦ᠂ ᠪᠡᠶ᠎ᠡ ᠶᠢᠨ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠤᠨ᠂ ᠰᠡᠳᠬᠢᠯ ᠰᠠᠨᠠᠭ᠎ᠠ ᠶᠢ | ᠪᠠᠶᠠᠰᠬᠠᠵᠤ᠂ ᠲᠠᠭᠰᠢᠭᠤᠷ ᠬᠢᠮᠤᠷᠠᠭ᠎ᠠ ᠶᠢ ᠰᠡᠷᠭᠡᠶᠢᠯᠡᠵᠦ ᠴᠢᠳᠠᠳᠠᠭ᠃ ᠲᠡᠭᠡᠪᠡᠯ ᠨᠠᠮᠤᠷ ᠤᠨ ᠤᠯᠠᠷᠢᠯ ᠳᠤ ᠶᠠᠮᠠᠷ | ᠬᠥᠳᠡᠯᠭᠡᠭᠡᠨ ᠢ ᠰᠣᠩᠭᠤᠪᠠᠯ ᠲᠣᠬᠢᠷᠠᠮᠵᠢᠲᠠᠢ ᠪᠢᠯᠡ︖ ᠡᠭᠦᠨ ᠳᠤ ᠤᠯᠠᠨ ᠵᠦᠢᠯ ᠤᠨ ᠰᠣᠩᠭᠤᠯᠲᠠ ᠪᠤᠢ᠃ | ᠵᠢᠱᠢᠶᠡᠯᠡᠪᠡᠯ᠂ ᠠᠯᠭᠤᠷ ᠭᠦᠶᠦᠬᠦ ᠨᠢ ᠬᠠᠮᠤᠭ ᠤᠨ ᠦᠨᠳᠦᠰᠦᠨ ᠬᠦᠴᠢᠯᠲᠥ᠋ᠷᠥᠭᠴᠢᠲᠦ ᠬᠥᠳᠡᠯᠭᠡᠭᠡᠨ ᠤ ᠨᠢᠭᠡ | ᠪᠣᠯᠤᠭᠰᠠᠨ ᠤ ᠬᠤᠪᠢ ᠳᠤ ᠵᠢᠷᠦᠬᠡ ᠠᠭᠤᠰᠬᠢᠨ ᠤ ᠠᠵᠢᠯᠯᠠᠭ᠎ᠠ ᠶᠢ ᠢᠯᠡᠳᠲᠡ ᠰᠠᠶᠢᠵᠢᠷᠠᠭᠤᠯᠵᠤ᠂ ᠡᠭᠡᠯᠢᠯᠡᠭᠡ ᠶᠢᠨ | ᠴᠢᠳᠠᠪᠤᠷᠢ ᠶᠢ ᠨᠡᠮᠡᠭᠳᠡᠭᠦᠯᠦᠨ᠂ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠵᠤ᠂ ᠮᠠᠷᠢᠶ᠎ᠠ ᠶᠢ ᠰᠢᠭᠤᠷᠠᠭᠤᠯᠬᠤ ᠳᠤ | ᠲᠤᠰᠠᠲᠠᠢ ᠪᠠᠶᠢᠳᠠᠭ᠃ ᠠᠯᠬᠤᠬᠤ ᠪᠣᠯ ᠨᠢᠭᠡ ᠵᠦᠢᠯ ᠤᠨ ᠳᠥᠭᠦᠮ ᠪᠥᠭᠡᠳ ᠪᠦᠲᠦᠮᠵᠢᠲᠡᠶ ᠬᠦᠴᠢᠯᠲᠥ᠋ᠷᠥᠭᠴᠢᠲᠦ | ᠬᠥᠳᠡᠯᠭᠡᠭᠡᠨ ᠪᠣᠯᠣᠨ᠎ᠠ᠂ ᠥᠭᠡᠬᠦ ᠶᠢ ᠪᠠᠭᠤᠷᠠᠭᠤᠯᠤᠨ᠂ ᠵᠢᠷᠦᠬᠡ ᠠᠭᠤᠰᠬᠢᠨ ᠤ ᠠᠵᠢᠯᠯᠠᠭ᠎ᠠ ᠶᠢ ᠳᠡᠭᠡᠭᠰᠢᠯᠡᠭᠦᠯᠬᠦ ᠶᠢᠨ | ᠬᠠᠮᠲᠤ ᠪᠠᠰᠠ ᠴᠢᠰᠤᠨ ᠳᠠᠷᠤᠯᠲᠠ᠂ ᠴᠢᠰᠤᠨ ᠰᠢᠬᠢᠷ ᠪᠠ ᠴᠢᠰᠤᠨ ᠤ ᠥᠭᠡᠬᠦ ᠶᠢ ᠬᠢᠵᠠᠭᠠᠷᠯᠠᠵᠤ᠂ ᠰᠡᠳᠬᠢᠴᠡ ᠶᠢᠨ | ᠳᠠᠷᠤᠯᠲᠠ ᠶᠢ ᠬᠥᠩᠭᠡᠷᠡᠭᠦᠯᠦᠨ᠎ᠡ︔ ᠰᠠᠭᠰᠤᠨ ᠪᠥᠮᠪᠦᠭᠡ᠂ ᠬᠥᠯ ᠪᠥᠮᠪᠦᠭᠡ᠂ ᠠᠯᠠᠭᠠᠳᠠᠬᠤ ᠪᠥᠮᠪᠦᠭᠡ ᠨᠠᠭᠠᠳᠬᠤ ᠨᠢ | ᠵᠢᠷᠦᠬᠡ ᠠᠭᠤᠰᠬᠢᠨ ᠤ ᠠᠵᠢᠯᠯᠠᠭ᠎ᠠ᠂ ᠪᠤᠯᠴᠢᠩ ᠤᠨ ᠬᠦᠴᠦ᠂ ᠲᠡᠩᠴᠡᠭᠦᠷᠢ ᠶᠢᠨ ᠴᠢᠳᠠᠪᠤᠷᠢ ᠪᠠ ᠲᠤᠰᠬᠠᠯ ᠤᠨ | ᠴᠢᠳᠠᠪᠤᠷᠢ᠂ ᠮᠡᠳᠡᠷᠡᠯ ᠤᠨ ᠰᠢᠰᠲ᠋ᠧᠮ ᠤᠨ ᠠᠵᠢᠯᠯᠠᠭ᠎ᠠ ᠶᠢ ᠰᠠᠶᠢᠵᠢᠷᠠᠭᠤᠯᠤᠨ᠎ᠠ︔ ᠪᠠᠰᠠ ᠳᠤᠭᠤᠢ ᠤᠨᠤᠬᠤ᠂ ᠦᠳᠦᠨ | ᠪᠥᠮᠪᠦᠭᠡ ᠨᠠᠭᠠᠳᠬᠤ᠂ ᠠᠭᠤᠯᠠ ᠠᠪᠠᠷᠢᠬᠤ᠂ ᠶᠤᠭ᠎ᠠ ᠵᠡᠷᠭᠡ ᠁ ᠪᠢᠳᠡ ᠨᠠᠰᠤᠨ ᠤ ᠪᠠᠶᠢᠳᠠᠯ ᠪᠠ ᠪᠡᠶ᠎ᠡ ᠶᠢᠨ ᠡᠷᠡᠭᠦᠯ | ᠮᠡᠨᠳᠦ ᠶᠢᠨ ᠪᠠᠶᠢᠳᠠᠯ ᠢᠶᠠᠨ ᠦᠨᠳᠦᠰᠦᠯᠡᠵᠦ ᠵᠣᠬᠢᠰᠲᠠᠢ ᠬᠥᠳᠡᠯᠭᠡᠭᠡᠨ ᠢ ᠰᠣᠩᠭᠤᠵᠤ ᠪᠡᠶ᠎ᠡ ᠪᠠᠨ ᠪᠣᠯᠪᠠᠰᠤᠷᠠᠭᠤᠯᠵᠤ | ᠪᠣᠯᠣᠨ᠎ᠠ᠃ ᠲᠤᠰᠬᠠᠢ ᠮᠡᠷᠭᠡᠵᠢᠯᠲᠡᠨ ᠤ ᠰᠠᠨᠠᠭᠤᠯᠤᠭᠰᠠᠨ ᠢᠶᠠᠷ᠂ ᠪᠡᠶ᠎ᠡ ᠮᠠᠬᠠᠪᠤᠳ ᠢᠶᠠᠨ ᠳᠠᠪᠲᠠᠨ ᠪᠤᠯᠪᠠᠰᠤᠷᠠᠭᠤᠯᠬᠤ ᠳᠤ | ᠬᠦᠴᠢᠯᠲᠥ᠋ᠷᠥᠭᠴᠢᠲᠦ ᠬᠥᠳᠡᠯᠭᠡᠭᠡᠨ ᠢᠶᠠᠷ ᠭᠤᠣᠯᠯᠠᠭᠤᠯᠵᠤ᠂ ᠳᠤᠮᠳᠠ ᠨᠠᠰᠤᠨ ᠤ ᠬᠥᠮᠥᠰ ᠲᠦᠷᠭᠡᠨ ᠠᠯᠬᠤᠬᠤ᠂ | ᠤᠳᠠᠭᠠᠨ ᠭᠦᠶᠦᠬᠦ᠂ ᠠᠰᠠᠷ ᠤᠨ ᠱᠠᠲᠤ ᠪᠠᠷ ᠮᠠᠴᠤᠬᠤ ᠵᠡᠷᠭᠡ ᠳᠣᠣᠷ᠎ᠠ ᠬᠦᠴᠢᠯᠲᠥ᠋ᠷᠥᠭᠴᠢᠲᠦ ᠬᠥᠳᠡᠯᠭᠡᠭᠡᠨ ᠢ | ᠰᠣᠩᠭᠤᠵᠤ ᠪᠣᠯᠣᠨ᠎ᠠ︔ ᠨᠠᠰᠤᠲᠠᠶᠢᠴᠤᠳ ᠰᠤᠯᠠ ᠠᠯᠬᠤᠬᠤ᠂ ᠶᠤᠭ᠎ᠠ᠂ ᠨᠡᠷᠡᠬᠦᠢ ᠨᠢᠳᠤᠷᠭ᠎ᠠ ᠵᠡᠷᠭᠡ ᠶᠢ ᠰᠣᠩᠭᠤᠵᠤ | ᠪᠣᠯᠣᠨ᠎ᠠ᠃ ᠨᠠᠮᠤᠷ ᠤᠨ ᠤᠯᠠᠷᠢᠯ ᠳᠤ ᠬᠥᠮᠥᠨ ᠤ ᠮᠡᠳᠡᠷᠡᠯ ᠤᠨ ᠰᠢᠰᠲ᠋ᠧᠮ ᠤᠨ ᠬᠥᠭᠡᠷᠦᠯᠲᠡ ᠶᠢᠨ ᠴᠢᠨᠠᠷ ᠨᠡᠮᠡᠭᠳᠡᠵᠦ᠂ | ᠹᠢᠽᠢᠣᠯᠣᠭᠢ ᠶᠢᠨ ᠠᠵᠢᠯᠯᠠᠭ᠎ᠠ ᠬᠥᠭᠵᠢᠶᠡᠨ ᠲᠠᠢ ᠪᠣᠯᠬᠤ ᠬᠠᠨᠳᠤᠰᠢ ᠲᠠᠢ ᠪᠣᠯᠣᠨ᠎ᠠ᠃ ᠡᠨᠡ ᠤᠯᠠᠷᠢᠯ ᠳᠤ ᠬᠥᠮᠥᠰ | ᠠᠮᠠᠷᠬᠠᠨ ᠪᠡᠶ᠎ᠡ ᠶᠢᠨ ᠲᠠᠮᠢᠷ ᠤᠨ ᠬᠥᠳᠡᠯᠭᠡᠭᠡᠨ ᠢ ᠬᠡᠲᠦᠷᠬᠡᠢ ᠬᠢᠬᠦ ᠠᠴᠠ ᠪᠣᠯᠵᠤ ᠶᠠᠳᠠᠷᠠᠨ᠂ ᠠᠵᠢᠯ ᠪᠣᠯᠣᠨ ᠡᠷᠡᠭᠦᠯ | ᠮᠡᠨᠳᠦ ᠪᠠᠨ ᠨᠥᠯᠥᠭᠡᠯᠡᠵᠦ ᠮᠡᠳᠡᠨ᠎ᠡ᠃ ᠢᠯᠠᠩᠭᠤᠶ᠎ᠠ ᠢᠳᠡᠷ ᠥᠲᠡᠯᠦᠭᠡ ᠨᠠᠰᠤᠨ ᠤ ᠬᠥᠮᠥᠰ ᠬᠥᠳᠡᠯᠭᠡᠭᠡᠨ ᠤ ᠴᠠᠭ ᠪᠠ | ᠬᠥᠳᠡᠯᠭᠡᠭᠡᠨ ᠤ ᠡᠷᠴᠢᠮ ᠢᠶᠠᠨ ᠰᠠᠶᠢᠲᠤᠷ ᠲᠣᠬᠢᠷᠠᠭᠤᠯᠬᠤ ᠬᠡᠷᠡᠭᠲᠡᠢ᠃ ᠶᠡᠷᠦ ᠶᠢᠨ ᠪᠠᠶᠢᠳᠠᠯ ᠳᠤ᠂ ᠢᠳᠡᠷ | ᠨᠠᠰᠤᠲᠠᠶᠢᠴᠤᠳ ᠤᠳᠠᠭ᠎ᠠ ᠪᠦᠷᠢ 1.5 ᠴᠠᠭ ᠠᠴᠠ ᠢᠯᠡᠭᠦᠦ ᠬᠥᠳᠡᠯᠭᠡᠭᠡᠨ ᠬᠢᠵᠦ ᠪᠣᠯᠬᠤ ᠦᠭᠡᠢ᠃ ᠵᠣᠬᠢᠰᠲᠠᠢ | ᠪᠡᠶ᠎ᠡ ᠶᠢᠨ ᠲᠠᠮᠢᠷ ᠤᠨ ᠬᠥᠳᠡᠯᠭᠡᠭᠡᠨ ᠬᠢᠪᠡᠯ ᠪᠣᠯᠴᠢᠬᠠᠨ᠎ᠠ᠃ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠲᠠᠷᠠᠭ᠎ᠠ ᠤᠰᠤ | ᠨᠥᠬᠦᠪᠦᠷᠢᠯᠡᠬᠦ ᠶᠢ ᠠᠩᠬᠠᠷᠬᠤ ᠬᠡᠷᠡᠭᠲᠡᠢ᠃ ᠲᠠᠮᠢᠷ ᠤᠨ ᠬᠥᠳᠡᠯᠭᠡᠭᠡᠨ ᠬᠢᠭᠰᠡᠨ ᠤ ᠳᠠᠷᠠᠭ᠎ᠠ᠂ ᠪᠤᠴᠠᠯᠤᠭᠰᠠᠨ ᠤᠰᠤ | ᠢᠯᠡᠭᠦᠬᠡᠨ ᠤᠤᠭᠤᠬᠤ ᠬᠡᠷᠡᠭᠲᠡᠢ᠂ ᠨᠢᠰᠢᠩᠭᠦ᠂ ᠠᠯᠢᠮ᠎ᠠ᠂ ᠠᠯᠮᠤᠷᠠᠳ᠂ ᠰᠦ᠂ ᠮᠠᠭᠠᠵᠢ᠂ ᠰᠢᠨ᠎ᠡ ᠰᠣᠷᠭᠤᠭ ᠢᠳᠡᠰᠢᠨ | ᠨᠣᠭᠤᠭ᠎ᠠ ᠵᠡᠷᠭᠡ ᠶᠢ ᠢᠯᠡᠭᠦᠬᠡᠨ ᠢᠳᠡᠵᠦ᠂ ᠠᠮᠢᠰᠬᠤᠯ ᠤᠨ ᠵᠠᠮ ᠤᠨ ᠰᠠᠯᠢᠰᠤᠲᠤ ᠪᠦᠷᠬᠦᠪᠴᠢ ᠶᠢᠨ ᠬᠡᠪ ᠤᠨ | ᠱᠦᠭᠦᠷᠡᠯ ᠢ ᠪᠠᠲᠤᠯᠠᠵᠤ᠂ ᠬᠤᠭᠤᠯᠠᠢ ᠬᠠᠪᠤᠳᠵᠦ ᠡᠪᠡᠳᠬᠦ ᠶᠢ ᠰᠡᠷᠭᠡᠶᠢᠯᠡᠨ᠎ᠡ᠃ ᠬᠡᠳᠦ ᠬᠥᠯᠥᠰᠦ ᠭᠠᠷᠤᠭᠰᠠᠨ ᠪᠣᠯ | ᠪᠤᠴᠠᠯᠤᠭᠰᠠᠨ ᠤᠰᠤᠨ ᠳᠤ ᠪᠠᠨ ᠪᠠᠭ᠎ᠠ ᠬᠡᠮᠵᠢᠶᠡᠨ ᠤ ᠳᠠᠪᠤᠰᠤ ᠨᠡᠮᠡᠵᠦ ᠤᠤᠭᠤᠵᠤ ᠪᠣᠯᠣᠨ᠎ᠠ᠃ ᠤᠰᠤ | ᠤᠤᠭᠤᠬᠤ ᠳᠤ ᠪᠠᠨ ᠪᠠᠭ᠎ᠠ ᠬᠡᠮᠵᠢᠶ᠎ᠡ ᠪᠠᠷ ᠤᠯᠠᠨ ᠤᠳᠠᠭ᠎ᠠ ᠤᠳᠠᠭᠠᠨ ᠤᠤᠭᠤᠬᠤ ᠶᠢ ᠪᠠᠷᠢᠮᠲᠠᠯᠠᠨ᠎ᠠ᠃ ᠪᠡᠶ᠎ᠡ ᠶᠢᠨ | ᠲᠠᠮᠢᠷ ᠤᠨ ᠬᠥᠳᠡᠯᠭᠡᠭᠡᠨ ᠨᠢᠭᠡᠨᠲᠡ ᠠᠷᠠᠳ ᠢᠷᠭᠡᠳ ᠤᠨ ᠪᠡᠶ᠎ᠡ ᠮᠠᠬᠠᠪᠤᠳ ᠢᠶᠠᠨ ᠴᠢᠭᠢᠷᠠᠭᠵᠢᠭᠤᠯᠵᠤ᠂ ᠡᠷᠡᠭᠦᠯ | ᠮᠡᠨᠳᠦ ᠶᠢᠨ ᠬᠢᠷᠢ ᠬᠡᠮᠵᠢᠶ᠎ᠡ ᠶᠢ ᠳᠡᠭᠡᠭᠰᠢᠯᠡᠬᠦᠯᠬᠦ ᠬᠠᠮᠤᠭ ᠤᠨ ᠢᠳᠡᠪᠬᠢᠲᠡᠢ᠂ ᠬᠠᠮᠤᠭ ᠤᠨ ᠪᠦᠲᠦᠮᠵᠢᠲᠠᠢ ᠠᠷᠭ᠎ᠠ | ᠬᠡᠯᠪᠡᠷᠢ ᠪᠣᠯᠤᠭᠰᠠᠨ ᠪᠠᠶᠢᠨ᠎ᠠ᠃ ᠤᠯᠤᠰ ᠣᠷᠣᠨ ᠤ ᠬᠥᠭᠵᠢᠯᠲᠡ ᠶᠢᠨ ᠦᠷ᠎ᠡ ᠪᠦᠲᠦᠭᠡᠯ ᠢ ᠤᠯᠠᠨ ᠲᠦᠮᠡᠨ ᠳᠤ | ᠬᠠᠮᠲᠤ ᠪᠠᠷ ᠡᠳ᠋ᠯᠡᠬᠦᠯᠬᠦ ᠶᠢ ᠳᠠᠭᠠᠯᠳᠤᠨ᠂ ᠪᠦᠬᠦ ᠠᠷᠠᠳ ᠤᠨ ᠡᠯ᠎ᠡ ᠵᠦᠢᠯ ᠤᠨ ᠪᠡᠶ᠎ᠡ ᠶᠢᠨ ᠲᠠᠮᠢᠷ ᠤᠨ ᠬᠥᠳᠡᠯᠭᠡᠭᠡᠨ ᠳᠤ | ᠣᠷᠤᠯᠴᠠᠬᠤ ᠣᠷᠴᠢᠨ ᠨᠥᠬᠦᠴᠡᠯ ᠤᠯᠠᠮ ᠢᠶᠠᠷ ᠰᠠᠶᠢᠵᠢᠷᠠᠵᠤ᠂ ᠪᠦᠬᠦ ᠠᠷᠠᠳ ᠤᠨ ᠪᠡᠶ᠎ᠡ ᠴᠢᠭᠢᠷᠠᠭᠵᠢᠭᠤᠯᠤᠯᠲᠠ ᠶᠢ | ᠲᠠᠶᠢᠴᠢᠯᠠᠨ ᠡᠷᠡᠭᠦᠯ ᠡᠩᠬᠡ ᠲᠤᠮᠳᠠᠳᠤ ᠤᠯᠤᠰ ᠤᠨ ᠪᠠᠶᠢᠭᠤᠯᠤᠯᠲᠠ ᠶᠢ ᠠᠬᠢᠭᠤᠯᠵᠤ ᠪᠠᠶᠢᠨ᠎ᠠ᠃ | |