ᠵᠢᠮᠢᠰ ᠢ ᠬᠠᠯᠠᠭᠤᠯᠵᠤ ᠢᠳᠡᠵᠦ ᠪᠣᠯᠬᠤ ᠦᠭᠡᠢ ᠭᠡᠳᠡᠭ ᠨᠢ ᠪᠤᠷᠤᠭᠤ ᠦᠵᠡᠯᠲᠡ ᠪᠣᠯᠣᠨ᠎ᠠ᠃ ᠡᠨᠡ ᠨᠢ | ᠴᠤᠤᠷᠬᠠᠯ ᠶᠤᠮ︕ ᠣᠯᠠᠩᠬᠢ ᠵᠢᠮᠢᠰ ᠢ ᠬᠠᠯᠠᠭᠠᠭᠰᠠᠨ ᠤ ᠳᠠᠷᠠᠭ᠎ᠠ᠂ ᠰᠢᠮ᠎ᠡ ᠲᠡᠵᠢᠭᠡᠯ ᠨᠢ ᠶᠡᠭᠡ ᠠᠯᠳᠠᠭᠳᠠᠳᠠᠭ ᠦᠭᠡᠢ᠂ | ᠵᠥᠪᠬᠡᠨ ᠪᠠᠭ᠎ᠠ ᠬᠡᠮᠵᠢᠶᠡᠨ ᠤ ᠸᠢᠲ᠋ᠠᠮᠢᠨ C ᠶᠡᠬᠡᠲᠡᠢ ᠵᠢᠮᠢᠰ᠂ ᠵᠢᠱᠢᠶᠡᠯᠡᠪᠡᠯ ᠲᠣᠰᠢᠯᠤᠭ᠂ ᠵᠦᠷᠵᠢ ᠵᠦᠷᠵᠢᠯᠢᠭ᠂ | ᠬᠦᠴᠢᠲᠡᠢ ᠵᠦᠷᠵᠢ᠂ ᠭᠦᠵᠡᠯᠵᠡᠭᠡᠨ᠎ᠡ ᠵᠡᠷᠭᠡ ᠶᠢ ᠬᠠᠯᠠᠭᠠᠭᠰᠠᠨ ᠤ ᠳᠠᠷᠠᠭ᠎ᠠ ᠸᠢᠲ᠋ᠠᠮᠢᠨ C ᠨᠢ ᠡᠪᠳᠡᠭᠳᠡᠳᠡᠭ᠃ 2 0 | ᠵᠢᠮᠢᠰ᠂ ᠠᠯᠢᠮ᠎ᠠ᠂ ᠪᠠᠨᠠᠨᠠ ᠵᠡᠷᠭᠡ ᠸᠢᠲ᠋ᠠᠮᠢᠨ C ᠶᠢᠨ ᠠᠭᠤᠯᠤᠭᠳᠠᠴᠠ ᠨᠢ ᠲᠡᠶᠢᠮᠦ ᠶᠡᠭᠡ ᠪᠢᠰᠢ ᠪᠣᠯᠬᠤᠷ ᠡᠳᠡᠭᠡᠷ | ᠵᠢᠮᠢᠰ ᠢ ᠬᠠᠯᠠᠭᠠᠭᠰᠠᠨ ᠤ ᠳᠠᠷᠠᠭ᠎ᠠ ᠳᠡᠮᠡᠢ ᠶᠡᠭᠡ ᠬᠤᠬᠢᠷᠠᠯ ᠦᠭᠡᠢ ᠶᠤᠮ᠃ᠵᠢᠮᠢᠰ ᠢ ᠬᠠᠯᠠᠭᠠᠪᠠᠯ ᠢᠳᠡᠭᠡᠨ ᠤ | ᠰᠢᠷᠬᠡᠭᠯᠢᠭ ᠨᠢ ᠵᠥᠭᠡᠯᠡᠷᠡᠵᠦ᠂ ᠬᠤᠳᠣᠭᠤᠳᠤ ᠭᠡᠳᠡᠰᠦᠨ ᠳᠤ ᠰᠡᠳᠦᠯᠲᠡ ᠥᠭᠬᠦ ᠶᠢ ᠪᠠᠭᠠᠰᠬᠠᠬᠤ ᠲᠤᠯᠠ ᠬᠤᠳᠣᠭᠤᠳᠤ | ᠭᠡᠳᠡᠰᠦᠨ ᠤ ᠠᠵᠢᠯᠯᠠᠭ᠎ᠠ ᠨᠢ ᠨᠡᠯᠢᠶᠡᠳ ᠪᠠᠭᠤᠷᠠᠢ ᠬᠥᠮᠥᠰ ᠵᠢᠴᠢ ᠰᠠᠷ᠎ᠠ ᠶᠢᠨ ᠭᠬᠢᠷ ᠤᠨ ᠬᠤᠭᠤᠴᠠᠭᠠᠨ ᠳᠠᠬᠢ | ᠡᠮᠡᠭᠲᠡᠶᠢᠴᠦᠳ᠂ ᠬᠥᠩᠭᠡᠵᠢᠭᠰᠡᠨ ᠡᠮᠡᠭᠲᠡᠶᠢᠴᠦᠳ᠂ ᠰᠢᠳᠦᠨ ᠤ ᠡᠪᠡᠳᠴᠢᠨ ᠲᠠᠢ ᠬᠥᠮᠥᠰ ᠵᠡᠷᠭᠡ ᠳᠤ ᠨᠠᠩ ᠲᠣᠬᠢᠷᠠᠨ᠎ᠠ᠃ | ᠡᠪᠦᠯ ᠤᠨ ᠤᠯᠠᠷᠢᠯ ᠳᠤ᠂ ᠵᠢᠮᠢᠰ ᠢ ᠬᠦᠢᠲᠡᠨ ᠢᠶᠠᠷ ᠢᠳᠡᠬᠦ ᠠᠴᠠ ᠬᠢᠴᠢᠶᠡᠬᠦ ᠶᠢᠨ ᠲᠤᠰᠠᠳᠠ ᠵᠢᠮᠢᠰ ᠢᠶᠠᠨ ᠬᠡᠰᠡᠭᠯᠡᠨ | ᠬᠡᠷᠴᠢᠵᠦ ᠬᠠᠯᠠᠭᠤᠨ ᠤᠰᠤᠨ ᠳᠤ ᠬᠢᠵᠦ ᠳᠡᠪᠲᠦᠭᠡᠬᠦ ︵ᠤᠰᠤ ᠶᠢ ᠨᠢ ᠴᠤ ᠤᠤᠭᠤᠬᠤ ᠬᠡᠷᠡᠭᠲᠡᠢ᠂ ᠠᠯᠳᠠᠭᠳᠠᠭᠰᠠᠨ | ᠰᠢᠮ᠎ᠡ ᠲᠡᠵᠢᠭᠡᠯᠲᠦ ᠡᠳ᠋ ᠤᠰᠤᠨ ᠳᠣᠲᠣᠷ᠎ᠠ ᠨᠢ ᠪᠠᠶᠢᠳᠠᠭ ᠢ ᠪᠢᠲᠡᠭᠡᠢ ᠮᠠᠷᠲᠠᠭᠠᠷᠠᠢ︶ ᠪᠤᠶᠤ ᠪᠢᠴᠢᠯ ᠳᠣᠯᠭᠢᠶᠠᠨ ᠤ | ᠵᠤᠤᠬ᠎ᠠ ᠪᠠᠷ ᠵᠢᠭᠠᠬᠠᠨ ᠬᠠᠯᠠᠭᠤᠯᠤᠭᠠᠳ ᠢᠳᠡᠭᠡᠷᠡᠢ᠃ | |