ᠱᠠᠭ᠎ᠠ ᠲᠣᠭᠯᠠᠭᠠᠮ ᠢ ᠰᠢᠨᠵᠢᠵᠦ ᠦᠵᠡᠪᠡᠯ᠂ ᠨᠢᠭᠡ ᠳᠤ᠂ ᠠᠩ ᠠᠩᠨᠠᠯ ᠮᠠᠯ ᠮᠠᠯᠵᠢᠯ ᠤᠨ ᠰᠢᠭᠤᠳ ᠲᠤᠰᠬᠠᠯ | ᠪᠣᠯᠤᠭᠰᠠᠨ ᠣᠨᠴᠠᠯᠢᠭ ᠲᠠᠢ᠃ ᠮᠣᠩᠭᠤᠯᠴᠤᠳ ᠤᠨ ᠢᠵᠠᠭᠤᠷ ᠨᠠᠭᠠᠳᠤᠮ ᠤᠨ ᠨᠢᠭᠡ ᠪᠣᠯᠬᠤ ᠪᠤᠭᠤ ᠵᠢᠷᠭᠢᠭᠡ ᠶᠢᠨ | ᠨᠠᠭᠠᠳᠤᠭᠠᠶ ᠪᠤᠭᠤ ᠶᠢᠨ ᠣᠷᠣᠨ ᠳᠤ ᠱᠠᠭ᠎ᠠ ᠬᠡᠷᠡᠭᠯᠡᠳᠡᠭ᠃ ᠵᠢᠱᠢᠶᠡᠯᠡᠪᠡᠯ ︽ᠬᠠᠯᠵᠠᠨ ᠪᠤᠭᠤ︾᠂ ︽ᠬᠤᠯᠪᠣᠭ᠎ᠠ | ᠪᠤᠭᠤ︾᠂ ︽ᠥᠨᠳᠥᠷ ᠬᠠᠩᠭᠠᠶ ᠶᠢᠨ ᠪᠤᠭᠤ︾ ᠵᠡᠷᠭᠡ ᠪᠤᠭᠤ ᠵᠢᠷᠭᠢᠭᠡ ᠳᠤ ᠱᠠᠭ᠎ᠠ ᠪᠠᠷ ᠪᠤᠭᠤ ᠶᠢ | ᠲᠥᠯᠥᠭᠡᠯᠡᠭᠦᠯᠦᠭᠰᠡᠨ ᠨᠢ ᠠᠩ ᠠᠩᠨᠠᠯ ᠤᠨ ᠲᠤᠰᠬᠠᠯ ᠮᠥᠨ᠃ ᠱᠠᠭ᠎ᠠ ᠶᠢᠨ ᠳᠥᠷᠪᠡᠨ ᠲᠠᠯ᠎ᠠ ᠶᠢ ᠲᠠᠪᠤᠨ ᠬᠤᠰᠢᠭᠤ | ᠮᠠᠯ ᠤᠨ ᠨᠡᠷᠡᠶᠢᠳᠦᠯ ᠢᠶᠠᠷ ᠨᠡᠷᠡᠯᠡᠭᠰᠡᠨ ᠪᠠ ᠱᠠᠭ᠎ᠠ ᠲᠣᠭᠯᠠᠭᠠᠮ ᠤᠨ ᠳᠣᠲᠣᠷᠠᠬᠢ《 ᠬᠠᠯᠵᠠ ᠬᠠᠷᠪᠤᠬᠤ》᠂《 | ᠪᠥᠬᠡ ᠪᠠᠷᠢᠯᠳᠤᠭᠤᠯᠬᠤ》᠂ ︽ᠮᠣᠷᠢ ᠤᠷᠤᠯᠳᠤᠭᠤᠯᠬᠤ︾᠂ ︽ᠬᠤᠨᠢ ᠬᠤᠯᠪᠣᠬᠤ︾᠂ ︽ᠭᠡᠭᠦᠦ ᠰᠠᠭᠠᠬᠤ︾ | ᠵᠡᠷᠭᠡ ᠳᠤ ᠮᠠᠯ ᠮᠠᠯᠵᠢᠯ ᠤᠨ ᠰᠢᠭᠤᠳ ᠲᠤᠰᠬᠠᠯ ᠢᠯᠡᠷᠬᠡᠶ ᠮᠡᠳᠡᠭᠳᠡᠵᠦ ᠪᠠᠶᠢᠨ᠎ᠠ᠃ ᠬᠤᠶᠠᠷ ᠲᠤ᠂ ᠱᠠᠭ᠎ᠠ ᠵᠢᠵᠢᠭᠬᠡᠨ | ᠪᠣᠯᠪᠠᠴᠤ ᠱᠠᠭ᠎ᠠ ᠲᠣᠭᠯᠠᠭᠠᠮ ᠣᠯᠠᠨ ᠪᠠᠶᠢᠳᠠᠭ ᠣᠨᠴᠠᠯᠢᠭ ᠲᠠᠢ᠃ ᠱᠠᠭ᠎ᠠ ᠠᠪᠬᠤ᠂ ᠠᠳᠬᠤᠯᠴᠠᠬᠤ᠂ ᠡᠯᠭᠦᠯᠴᠡᠬᠦ᠂ | ᠡᠷᠢᠬᠦ᠂ ᠢᠳᠡᠬᠦ᠂ ᠣᠩᠬᠤᠯᠢᠬᠤ᠂ ᠣᠷᠬᠢᠬᠤ᠂ ᠬᠠᠶᠠᠬᠤ᠂ ᠤᠷᠤᠯᠳᠤᠬᠤ᠂ ᠦᠷᠦᠬᠦ᠂ ᠦᠨᠡᠯᠡᠬᠦ᠂ ᠨᠡᠶᠢᠯᠡᠬᠦᠯᠬᠦ᠂ | ᠨᠢᠰᠠᠯᠬᠤ᠂ ᠪᠠᠭᠴᠠᠬᠤ᠂ ᠲᠡᠭᠦᠬᠦ᠂ ᠰᠢᠭᠦᠷᠡᠬᠦ᠂ ᠪᠠᠷᠢᠯᠳᠤᠭᠤᠯᠬᠤ᠂ ᠪᠣᠳᠤᠬᠤ᠂ ᠪᠣᠰᠬᠠᠬᠤ᠂ ᠪᠤᠯᠢᠶᠠᠯᠴᠠᠬᠤ᠂ | ᠬᠠᠮᠤᠬᠤ᠂ ᠬᠠᠷᠢᠭᠤᠯᠬᠤ᠂ ᠬᠠᠷᠢᠴᠠᠭᠠᠬᠤ᠂ ᠬᠠᠷᠪᠤᠬᠤ᠂ ᠬᠤᠯᠪᠣᠬᠤ᠂ ᠮᠥᠷᠭᠦᠯᠳᠦᠭᠦᠯᠬᠦ᠂ ᠰᠠᠭᠠᠬᠤ᠂ ᠰᠤᠮᠤᠳᠠᠬᠤ᠂ | ᠳᠠᠭᠠᠯᠴᠠᠬᠤ᠂ ᠲᠣᠭᠠᠯᠠᠬᠤ᠂ ᠴᠣᠬᠢᠬᠤ᠂ ᠵᠢᠰᠦᠯᠡᠬᠦ᠂ ᠰᠢᠨᠵᠢᠬᠦ ᠵᠡᠷᠭᠡ ᠵᠠᠭᠤ ᠭᠠᠷᠤᠶ ᠵᠦᠢᠯ ᠢᠶᠠᠷ ᠨᠠᠭᠠᠳᠳᠠᠭ᠃ | ᠲᠡᠭᠦᠨ ᠳᠣᠲᠣᠷ᠎ᠠ ᠳᠦᠷᠪᠡᠭᠡᠨ ᠱᠠᠭ᠎ᠠ ᠪᠠᠷ ᠭᠤᠴᠢᠨ ᠬᠤᠶᠠᠷ ᠶᠠᠩᠵᠤ ᠪᠠᠷ ᠨᠠᠭᠠᠳᠳᠠᠭ ᠵᠢᠱᠢᠶ᠎ᠡ ᠲᠠᠢ᠃ ᠭᠤᠷᠪᠠ ᠳᠤ᠂ | ᠱᠠᠭ᠎ᠠ ᠲᠣᠭᠯᠠᠭᠠᠮ ᠨᠢ ᠣᠨᠴᠠ ᠶᠢᠨ ᠬᠡᠷᠡᠭᠰᠡᠯ ᠬᠡᠷᠡᠭᠯᠡᠳᠡᠭ ᠦᠭᠡᠢ ᠣᠨᠴᠠᠯᠢᠭ ᠲᠠᠢ᠃ ᠭᠤᠤᠯ ᠨᠢ ᠬᠤᠨᠢ᠂ ᠢᠮᠠᠭ᠎ᠠ | ᠂ ᠵᠡᠭᠡᠷ᠎ᠡ᠂ ᠪᠤᠭᠤ ᠶᠢᠨ ᠱᠠᠭ᠎ᠠ ᠪᠠᠶᠢᠪᠠᠯ ᠪᠣᠯᠴᠢᠬᠠᠳᠠᠭ᠃ ᠡᠭᠦᠨ ᠠᠴᠠ ᠭᠠᠳᠠᠨ᠎ᠠ ᠰᠠᠬᠠ᠂ ᠬᠤᠪᠲᠣᠯ᠂ ᠰᠤᠮᠤ᠂ | ᠱᠣ ᠵᠡᠷᠭᠡ ᠲᠥᠭᠦᠮ ᠬᠡᠷᠡᠭᠰᠡᠯ ᠪᠠᠶᠢᠳᠠᠭ᠃ ᠡᠨᠡ ᠨᠢ ᠲᠤᠰ ᠲᠣᠭᠯᠠᠭᠠᠮ ᠤᠨ ᠲᠦᠭᠡᠮᠡᠯᠵᠢᠨ ᠳᠡᠯᠭᠡᠷᠡᠬᠦ ᠰᠠᠶᠢᠨ | ᠨᠥᠬᠦᠴᠡᠯ ᠪᠣᠯᠤᠭᠰᠠᠨ ᠶᠤᠮ᠃ ᠳᠥᠷᠪᠡ ᠳᠤ᠂ ᠤᠯᠠᠨ ᠲᠦᠮᠡᠨᠴᠢ ᠴᠢᠨᠠᠷ ᠢᠶᠠᠷ ᠳᠤᠪᠤᠶᠢᠭᠰᠠᠨ ᠣᠨᠴᠠᠯᠢᠭ ᠲᠠᠢ᠃ | ᠱᠠᠭ᠎ᠠ ᠲᠣᠭᠯᠠᠭᠠᠮ ᠢ ᠬᠡᠦᠬᠡᠳ ᠪᠠᠭᠠᠴᠤᠳ᠂ ᠵᠠᠯᠠᠭᠤ ᠪᠠ ᠢᠳᠡᠷᠴᠦᠳ᠂ ᠬᠥᠭᠰᠢᠨ ᠨᠠᠰᠤᠲᠠᠳ᠂ ᠯᠠᠮᠠ ᠬᠠᠷ᠎ᠠ᠂ | ᠡᠭᠡᠯ ᠪᠠ ᠡᠷᠬᠢᠮ ᠳᠣᠣᠷᠠᠳᠤ ᠶᠠᠮᠠᠷ ᠴᠤ ᠬᠥᠮᠦᠨ ᠨᠠᠭᠠᠳᠬᠤ ᠳᠤᠷ᠎ᠠ ᠲᠠᠢ ᠪᠥᠭᠡᠳ ᠨᠠᠭᠠᠳᠴᠤ ᠴᠢᠳᠠᠳᠠᠭ᠃ | ᠲᠠᠪᠤ ᠳᠤ᠂ ᠱᠠᠭ᠎ᠠ ᠲᠣᠭᠯᠠᠭᠠᠮ ᠢ ᠶᠠᠮᠠᠷ ᠬᠥᠮᠦᠨ᠂ ᠬᠠᠮᠢᠭ᠎ᠠ᠂ ᠬᠡᠵᠢᠶ᠎ᠡ ᠨᠠᠭᠠᠳᠤᠭᠰᠠᠨ ᠴᠤ ᠲᠣᠭᠯᠠᠭᠠᠮ ᠳᠤ | ᠣᠷᠣᠯᠴᠠᠭᠰᠠᠨ ᠬᠥᠮᠦᠨ ᠤᠬᠠᠮᠰᠠᠷ ᠠᠴᠠ ᠪᠠᠨ ᠲᠣᠭᠯᠠᠭᠠᠮ ᠤᠨ ᠶᠣᠰᠣ ᠭᠤᠷᠢᠮ ᠢ ᠴᠢᠩᠭ᠎ᠠ ᠰᠠᠬᠢᠵᠤ ᠵᠠᠯᠢ ᠮᠡᠭᠡ | ᠬᠡᠷᠡᠭᠯᠡᠳᠡᠭ ᠦᠭᠡᠢ᠂ ᠵᠣᠭᠤᠰ ᠮᠥᠩᠭᠦ ᠲᠠᠢ ᠨᠠᠭᠠᠳᠳᠠᠭ ᠦᠭᠡᠢ᠂ ᠬᠡᠷᠡᠭᠦᠯ ᠵᠠᠭᠤᠷᠠᠭᠠᠨ ᠭᠠᠷᠭᠠᠳᠠᠭ ᠦᠭᠡᠢ᠂ | ᠬᠡᠷᠴᠡᠭᠡᠶ ᠪᠠᠯᠠᠮᠠᠳ ᠠᠭᠠᠰᠢᠯᠠᠳᠠᠭ ᠦᠭᠡᠢ᠂ ᠪᠠᠶᠠᠷ ᠵᠤᠭ᠎ᠠ ᠶᠢ ᠴᠢᠬᠤᠯᠠᠴᠢᠯᠠᠨ ᠥᠭᠡᠳᠡ ᠡᠰᠡᠷᠡᠭ ᠥᠯᠵᠡᠢ ᠮᠥᠷ ᠲᠠᠢ | ᠪᠠᠶᠢᠬᠤ ᠶᠢ ᠪᠡᠯᠭᠡᠳᠡᠨ ᠨᠠᠭᠠᠳᠳᠠᠭ ᠣᠨᠴᠠᠯᠢᠭ ᠲᠠᠢ᠃ ᠵᠢᠷᠭᠤᠭ᠎ᠠ ᠳᠤ᠂ ᠱᠠᠭ᠎ᠠ ᠲᠣᠭᠯᠠᠭᠠᠮ ᠨᠢ ᠣᠷᠣᠨ ᠵᠠᠶ᠂ ᠴᠠᠭ | ᠬᠤᠭᠤᠴᠠᠭ᠎ᠠ ᠳᠤ ᠬᠢᠵᠠᠭᠠᠷᠯᠠᠭᠳᠠᠬᠤ ᠦᠭᠡᠢ ᠣᠨᠴᠠᠯᠢᠭ ᠲᠠᠢ᠃ ᠱᠠᠭ᠎ᠠ ᠲᠣᠭᠯᠠᠭᠠᠮ ᠢ ᠡᠪᠦᠯ᠂ ᠵᠤᠨ᠂ ᠬᠠᠪᠤᠷ᠂ | ᠨᠠᠮᠤᠷ ᠤᠨ ᠤᠯᠠᠷᠢᠯ ᠳᠤ ᠡᠪᠦᠯᠵᠢᠶ᠎ᠡ᠂ ᠵᠤᠰᠠᠯᠠᠩ᠂ ᠬᠠᠪᠤᠷᠵᠢᠶ᠎ᠠ᠂ ᠨᠠᠮᠤᠷᠵᠢᠶ᠎ᠠ ᠶᠢᠨ ᠭᠠᠵᠠᠷ ᠪᠦᠷ ᠨᠠᠭᠠᠳᠳᠠᠭ᠃ | ᠥᠨᠢᠷ ᠰᠦᠷᠦᠭ ᠢᠶᠠᠨ ᠬᠠᠷᠢᠭᠤᠯᠵᠤ ᠶᠠᠪᠤᠬᠤ ᠳᠤ ᠪᠠᠨ ᠦᠶ᠎ᠡ ᠶᠢᠨ ᠨᠥᠬᠦᠳ ᠲᠠᠢ ᠪᠠᠨ ᠰᠡᠯᠡᠭᠦᠴᠡᠵᠦ | ᠰᠠᠭᠤᠬᠤ ᠳᠤ ᠪᠠᠨ ᠤᠭᠤᠲᠠ ᠲᠠᠢ ᠱᠠᠭ᠎ᠠ ᠪᠠᠨ ᠨᠡᠭᠡᠭᠡᠪᠡᠯ ᠣᠷᠤᠯᠳᠤᠨ ᠨᠠᠭᠠᠳᠴᠤ ᠪᠣᠯᠳᠠᠭ᠃ ᠴᠠᠭ ᠣᠬᠤᠷ ᠪᠣᠯ | ᠳᠥᠭᠦᠮ ᠵᠦᠢᠯ ᠠᠴᠠ ᠨᠢ ᠨᠠᠭᠠᠳᠴᠤ᠂ ᠴᠠᠭ ᠢᠯᠡᠭᠦᠦ ᠪᠣᠯ ᠪᠤᠳᠤᠯᠢᠶᠠᠨ ᠲᠠᠢ ᠲᠥᠷᠦᠯ ᠢ ᠨᠢ ᠲᠣᠭᠯᠠᠵᠤ᠂ ᠬᠥᠮᠦᠨ | ᠣᠯᠠᠨ ᠪᠣᠯ ᠱᠠᠭ᠎ᠠ ᠪᠠᠨ ᠠᠷᠪᠢᠨ ᠬᠡᠷᠡᠭᠯᠡᠵᠦ᠂ ᠬᠥᠮᠦᠨ ᠴᠥᠭᠡᠨ ᠪᠣᠯ ᠱᠠᠭ᠎ᠠ ᠪᠠᠨ ᠴᠦᠬᠡᠨ ᠬᠡᠷᠡᠭᠯᠡᠵᠦ᠂ ᠤᠷᠤᠨ ᠵᠠᠢ | ᠂ ᠴᠠᠭ ᠢᠶᠠᠨ ᠦᠨᠳᠦᠰᠦᠯᠡᠨ ᠤᠯᠠᠷᠢᠯᠠᠭᠤᠯᠤᠨ ᠬᠤᠪᠢᠰᠬᠠᠵᠦ ᠠᠮᠢᠳᠤᠯᠢᠭ ᠢᠶᠠᠷ ᠨᠠᠭᠠᠳᠳᠠᠭ᠃ |