ᠠᠶᠢᠮᠠᠭ ᠳᠡᠰ ᠤᠨ ᠦᠵᠦᠮᠦᠴᠢᠨ ᠡᠮᠡᠬᠡᠯ ᠬᠢᠬᠦ ᠤᠷ᠎ᠠ ᠮᠡᠷᠬᠡᠵᠢᠯ ᠤᠨ ᠲᠦᠯᠦᠬᠡᠯᠡᠬᠦ ᠴᠢᠨᠠᠷ ᠪᠦᠬᠦᠢ | ᠤᠯᠠᠮᠵᠢᠯᠠᠭᠴᠢ ᠮᠠᠯᠴᠢᠨ ᠫᠤᠩᠰᠤᠭ ᠢ ᠰᠤᠷᠪᠦᠯᠵᠢᠯᠠᠭᠠᠳ | ᠡᠪᠦᠯ ᠤᠨ ᠡᠬᠢᠨ ᠰᠠᠷ᠎ᠠ ᠭᠠᠷᠤᠭᠰᠠᠨ ᠪᠤᠯᠪᠠᠴᠤ ᠦᠵᠦᠮᠦᠴᠢᠨ ᠨᠤᠲᠤᠭ ᠬᠠᠷᠢᠨ ᠨᠠᠮᠤᠷ ᠬᠡᠮᠡᠷᠭᠡᠨ ᠴᠠᠭ ᠠᠭᠠᠷ | ᠮᠠᠰᠢ ᠳᠤᠯᠠᠭᠠᠨ ᠪᠠᠶᠢᠯ᠎ᠠ᠃ ᠤᠯᠮᠠᠵᠢᠯᠠᠯᠲᠤ ᠨᠡᠬᠦᠳᠡᠯ ᠠᠮᠢᠳᠤᠷᠠᠯ ᠳᠤ ᠬᠡᠷᠡᠭᠯᠡᠵᠦ ᠪᠠᠶᠢᠭᠰᠠᠨ ᠰᠤᠷ ᠡᠳ᠋ᠯᠡᠯ ᠬᠡᠷᠡᠭᠰᠡᠯ | ᠪᠤᠯᠬᠤ ᠮᠤᠷᠢᠨ ᠡᠮᠡᠭᠡᠯ᠂ ᠬᠠᠵᠠᠭᠠᠷ ᠨᠤᠭᠲᠤ᠂ ᠴᠢᠳᠤᠷ ᠠᠴᠠ ᠠᠪᠤᠭᠠᠳ ᠦᠬᠡᠷ ᠤᠨ ᠡᠪᠡᠭᠴᠢ᠂ ᠴᠦᠷᠭᠡ ᠬᠦᠷᠲᠡᠯ᠎ᠡ | ᠢᠵᠠᠭᠤᠷ ᠮᠠᠶ᠋ᠢᠭ ᠢᠶᠠᠷ ᠵᠠᠩᠬᠢᠳᠴᠦ ᠮᠤᠰᠬᠢᠭᠰᠠᠨ ᠰᠤᠷ ᠡᠳ᠋ᠯᠡᠯ ᠬᠡᠷᠡᠭᠰᠡᠯ ᠤᠳ ᠢ ᠰᠠᠶᠢᠬᠠᠨ ᠬᠢᠵᠦ ᠪᠠᠶᠢᠨ᠎ᠠ ᠬᠡᠰᠡᠨ | ᠴᠢᠮᠡᠭᠡ ᠪᠠᠷ ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠲᠤ ᠶᠢᠨ ᠭᠤᠤᠯ ᠪᠠᠯᠭᠠᠰᠤᠨ ᠤ ᠪᠠᠶ᠋ᠬᠠᠷᠬᠡᠲᠦ | ᠭᠠᠴᠠᠭᠠᠨ ᠤ ᠮᠠᠯᠴᠢᠨ ᠫᠤᠩᠰᠤᠭ ᠢ ᠠᠵᠢᠯ ᠤᠨ ᠭᠠᠵᠠᠷ ᠲᠤᠨᠢ ᠬᠦᠷᠴᠦ ᠰᠤᠷᠪᠤᠯᠵᠢᠯᠠᠭᠰᠠᠨ ᠶᠤᠮ᠃ | ᠫᠤᠩᠰᠤᠭ ᠤᠨ ᠬᠢᠨ ᠭᠡᠷ ᠪᠦᠯᠢ ᠳᠡᠭᠡᠨ ᠵᠢᠷᠭᠤᠭᠤᠯᠠ᠃ ᠬᠦᠦ ᠪᠡᠷᠢ ᠨᠢ ᠬᠦᠳᠡᠭᠡ ᠪᠠᠨ ᠮᠠᠯ ᠮᠠᠯᠵᠢᠵᠤ᠂ | ᠫᠤᠩᠰᠤᠭ ᠬᠡᠷᠬᠡᠢ ᠲᠠᠢ ᠪᠠᠨ ᠬᠤᠰᠢᠭᠤᠨ ᠲᠦᠪ ᠲᠤ ᠤᠮᠪᠤᠯᠤ ᠤᠳ ᠢᠶᠠᠨ ᠰᠤᠷᠭᠠᠭᠤᠯᠢ ᠳᠤ ᠪᠢᠴᠢᠭ ᠦᠵᠡᠬᠦᠯᠬᠦ | ᠶᠢᠨ ᠲᠦᠯᠦᠭᠡ ᠬᠤᠰᠢᠭᠤᠨ ᠲᠦᠪ ᠳᠤ ᠢᠷᠡᠵᠦ ᠰᠠᠭᠤᠵᠠᠢ᠃ ᠡᠷᠳᠡᠨ ᠤ ᠦᠬᠡᠨ ᠳᠤ ︽ᠵᠦᠬᠡᠷ ᠰᠠᠭᠤᠬᠤ ᠪᠠᠷ | ᠵᠦᠯᠬᠦᠵᠦ ᠰᠠᠭᠤ︾ ᠬᠡᠳᠡᠭ ᠪᠠᠷ ᠰᠤᠷᠤᠭᠴᠢ ᠪᠠᠨ ᠬᠦᠷᠭᠡᠵᠦ ᠳᠤᠰᠬᠤ ᠶᠢᠨ ᠳᠠᠭᠠᠤ ᠴᠢᠯᠦᠭᠡ ᠵᠠᠪ ᠪᠠᠷ ᠢᠶᠠᠨ | ᠡᠪᠦᠭᠡᠳ ᠳᠡᠭᠡᠳᠦᠰ ᠤᠨ ᠤᠯᠠᠮᠵᠢᠯᠠᠵᠤ ᠡᠳ᠋ᠯᠡᠵᠦ ᠢᠷᠡᠭᠰᠡᠨ ᠰᠤᠷ ᠡᠳ᠋ᠯᠡᠯ ᠬᠡᠷᠡᠭᠰᠡᠯ ᠢ ᠬᠢᠶ᠎ᠡ ᠭᠡᠰᠡᠨ ᠪᠤᠳᠤᠯ ᠤᠷᠤᠵᠤ | ᠂ ᠠᠷᠠᠰᠤ ᠰᠢᠷᠢ ᠢᠳᠡᠭᠡᠯᠡᠵᠦ ᠱᠦᠬᠦᠯᠡᠭᠡᠳ᠂ ᠡᠯᠳᠡᠵᠦ ᠪᠤᠯᠪᠠᠰᠤᠷᠠᠭᠤᠯᠤᠭᠠᠳ ᠤᠯᠠᠨ ᠵᠦᠢᠯ ᠤᠨ ᠰᠤᠷ ᠡᠳ᠋ᠯᠡᠯ ᠢ | ᠬᠢᠵᠦ ᠡᠬᠢᠯᠡᠵᠠᠢ᠃ | ᠫᠤᠩᠰᠤᠭ ᠤᠨ ᠵᠠᠰᠠᠭᠰᠠᠨ ᠡᠮᠡᠭᠡᠯ ᠨᠢ ᠭᠠᠵᠠᠷ ᠨᠤᠲᠤᠭ ᠤᠨ ᠤᠨᠴᠠᠯᠢᠭ ᠳᠤᠨᠢ ᠳᠤᠬᠢᠷᠠᠭᠤᠯᠤᠨ᠂ ᠶᠠᠩᠵᠤ | ᠬᠡᠯᠪᠡᠷᠢ ᠶᠢᠨ ᠲᠠᠯ᠎ᠠ ᠪᠠᠷ ᠳᠤᠬᠢᠯᠢᠭ ᠰᠠᠶᠢᠬᠠᠨ ᠵᠠᠰᠠᠳᠠᠭ ᠪᠤᠯᠬᠤᠷ ᠶᠠᠩᠵᠤ ᠬᠡᠯᠪᠡᠷᠢ ᠨᠢ ᠭᠤᠶᠤᠮᠰᠤᠭ᠂ ᠴᠢᠨᠠᠷ | ᠴᠢᠨᠰᠠᠭ᠎ᠠ ᠨᠢ ᠰᠠᠶᠢᠨ᠂ ᠬᠡᠷᠡᠭᠯᠡᠭᠴᠢᠳ ᠤᠨ ᠱᠠᠭᠠᠷᠳᠠᠯᠭ᠎ᠠ ᠪᠠᠷ ᠬᠢᠵᠦ ᠦᠭᠳᠡᠭ ᠪᠤᠯᠬᠤᠷ ᠳᠤᠰ ᠬᠤᠰᠢᠭᠤᠨ ᠤ | ᠬᠡᠷᠡᠭᠯᠡᠭᠴᠢᠳ ᠪᠠᠷ ᠭᠤᠤᠯᠳᠠᠭᠤᠯᠵᠤ ᠪᠠᠰᠠ ᠠᠪᠠᠭ᠎ᠠ᠂ ᠰᠦᠨᠢᠳ᠂ ᠬᠦᠪᠡᠭᠡᠲᠦ ᠰᠢᠷ᠎ᠠ᠂ ᠰᠢᠯᠢ ᠶᠢᠨ ᠬᠤᠳᠠ᠂ | ᠵᠡᠬᠦᠨ ᠦᠵᠦᠮᠦᠴᠢᠨ᠂ ᠬᠦᠯᠦᠨ ᠪᠤᠶᠢᠷ ᠬᠤᠳᠠ ᠵᠡᠷᠭᠡ ᠭᠠᠵᠠᠷ ᠤᠷᠤᠨ ᠠᠴᠠ ᠴᠤ ᠳᠡᠬᠦᠨ ᠤ ᠬᠢᠭᠰᠡᠨ ᠡᠮᠡᠭᠡᠯ | ᠪᠤᠯᠤᠨ ᠮᠤᠷᠢᠨ ᠤ ᠡᠳ᠋ᠯᠡᠭᠡ ᠶᠢ ᠵᠠᠬᠢᠶᠠᠯᠠᠵᠤ ᠬᠢᠯᠬᠡᠳᠡᠭ ᠪᠠᠶᠢᠪᠠ᠃ ᠡᠬᠦᠨ ᠤ ᠬᠠᠮᠲᠤ ᠳᠡᠬᠦᠨ ᠤ ᠬᠡᠷᠬᠡᠢ ᠦᠨᠢᠷ ᠴᠤ | ᠳᠡᠬᠦᠨ ᠢ ᠬᠠᠮᠵᠢᠵᠤ ᠡᠮᠡᠭᠡᠯ ᠤᠨ ᠬᠢᠯᠭᠠᠰᠤᠨ ᠤᠯᠤᠩ ᠳᠠᠮᠤᠵᠤ᠂ ᠤᠶᠤᠵᠤ ᠰᠢᠷᠢᠬᠦ᠂ ᠢᠰᠡᠭᠡᠢ ᠳᠤᠬᠤᠮ ᠣᠶᠣᠬᠤ | ᠵᠡᠷᠭᠡ ᠠᠵᠢᠯ ᠢ ᠬᠠᠪᠰᠤᠷᠤᠨ ᠬᠢᠵᠦ ᠦᠭᠳᠡᠭ ᠪᠠᠶᠢᠯ᠎ᠠ᠃ | ᠲᠡᠷᠡ 2005 ᠤᠨ ᠠᠴᠠ 2024 ᠤᠨ ᠪᠤᠯᠳᠠᠯ᠎ᠠ 19 ᠵᠢᠯ ᠤᠨ ᠳᠤᠳᠤᠷ᠎ᠠ ᠤᠷᠢᠳ ᠬᠤᠵᠢᠳ 190 | ᠭᠠᠷᠤᠢ ᠡᠮᠡᠬᠡᠯ ᠵᠠᠰᠠᠵᠤ᠂ ᠨᠤᠭᠲᠤ 500 ᠭᠠᠷᠤᠢ ᠵᠠᠩᠬᠢᠳᠴᠤ᠂ ᠡᠩ ᠤᠨ ᠰᠤᠷ ᠬᠠᠵᠠᠭᠠᠷ 300 ᠭᠠᠷᠤᠢ ᠬᠢᠵᠦ᠂ | ᠮᠦᠩᠬᠦᠨ ᠬᠠᠵᠠᠭᠠᠷ 300 ᠭᠠᠷᠤᠢ ᠭᠠᠷᠬᠠᠯᠠᠨ ᠬᠢᠵᠦ᠂ ᠡᠮᠡᠬᠡᠯ ᠤᠨ ᠵᠢᠷᠢᠮ 600 ᠭᠠᠷᠤᠢ᠂ ᠴᠢᠳᠦᠷ 300 | ᠭᠠᠷᠤᠢ ᠮᠤᠰᠬᠢᠵᠤ ᠬᠢᠭᠰᠡᠨ ᠪᠦᠭᠡᠳ ᠵᠢᠯ ᠪᠦᠷᠢ ᠶᠢᠨ ᠪᠤᠷᠤᠯᠠᠭᠤᠯᠤᠯᠳᠠ ᠶᠢᠨ ᠴᠡᠪᠡᠷ ᠤᠷᠤᠯᠭ᠎ᠠ ᠳᠡᠭᠰᠢᠳᠭᠡᠭᠡᠳ 6 | ᠲᠦᠮᠡ ᠭᠠᠷᠤᠢ ᠲᠦᠭᠦᠷᠢᠭ ᠲᠤ ᠬᠦᠷᠳᠡᠭ ᠪᠠᠶᠢᠨ᠎ᠠ᠃ | ᠫᠣᠩᠰᠤᠭ 2019 ᠤᠨ ᠳᠤ ᠪᠤᠯᠤᠭᠰᠠᠨ ᠬᠤᠰᠢᠭᠤᠨ ᠤ ᠪᠠᠨ ᠠᠷᠠᠳ ᠤᠨ ᠶᠡᠭᠡ ᠨᠠᠶᠢᠷ ᠳᠡᠭᠡᠷ᠎ᠡ ᠳᠤᠰᠬᠠᠢ | ᠮᠤᠷᠢᠨ ᠤ ᠡᠳ᠋ᠯᠡᠯ ᠬᠡᠷᠡᠭᠰᠡᠯ ᠤᠨ ᠳᠡᠯᠭᠡᠨ ᠦᠵᠡᠬᠦᠯᠦᠯᠬᠡ ᠳᠤ ᠤᠷᠤᠯᠴᠠᠵᠤ᠂ ᠳᠤᠰ ᠵᠢᠯ ᠤᠨ 8 ᠰᠠᠷ᠎ᠠ ᠳᠤ | ᠪᠤᠯᠤᠭᠰᠠᠨ ᠰᠢᠯᠢ ᠶᠢᠨ ᠭᠤᠤᠯ ᠠᠶᠢᠮᠠᠭ ᠤᠨ ᠶᠡᠭᠡ ᠨᠠᠶᠢᠷ ᠳᠤ ᠬᠦᠷᠴᠦ ᠦᠵᠦᠮᠦᠴᠢᠨ ᠮᠦᠩᠬᠦᠨ ᠡᠮᠡᠭᠡᠯ ᠪᠤᠯᠤᠨ | ᠰᠤᠷ ᠡᠳ᠋ᠯᠡᠯ ᠬᠡᠷᠡᠭᠰᠡᠯ ᠢᠶᠠᠨ ᠨᠠᠶᠢᠷ ᠤᠨ ᠳᠠᠯᠠᠪᠠᠢ ᠳᠤ ᠳᠡᠯᠭᠡᠨ ᠦᠵᠡᠬᠦᠯᠦᠬᠡᠳ ᠡᠯ᠎ᠡ ᠭᠠᠵᠠᠷ ᠠᠴᠠ ᠢᠷᠡᠭᠰᠡᠨ | ᠦᠵᠡᠭᠴᠢᠳ ᠬᠡᠷᠡᠭᠯᠡᠭᠴᠢᠳ ᠤᠨ ᠪᠠᠭ᠋ᠠᠷᠬᠠᠯ ᠢ ᠳᠠᠳᠠᠵᠤ᠂ ᠰᠤᠷ ᠡᠳ᠋ᠯᠡᠯ ᠤᠨ ᠪᠤᠷᠤᠯᠠᠭᠤᠯᠤᠯᠳᠠ ᠴᠤ ᠰᠠᠶᠢᠨ ᠪᠤᠯᠤᠯ᠎ᠠ | ᠭᠡᠵᠦ ᠲᠡᠷᠡ ᠪᠠᠶᠠᠷᠳᠠᠶᠢᠬᠠᠨ ᠶᠠᠷᠢᠵᠤ ᠪᠠᠶᠢᠯ᠎ᠠ᠃ ᠰᠤᠮᠤ ᠬᠤᠰᠢᠭᠤ᠂ ᠠᠶᠢᠮᠠᠭ ᠤᠨ ᠵᠤᠬᠢᠶᠠᠨ ᠪᠠᠶᠢᠭᠤᠯᠤᠯᠳᠠ ᠠᠴᠠ | ᠮᠠᠯᠴᠢᠨ ᠫᠤᠩᠰᠤᠭ ᠤᠨ ᠤᠯᠠᠮᠵᠢᠯᠠᠯᠲᠤ ᠰᠤᠷ ᠡᠳ᠋ᠯᠡᠯ ᠤᠨ ᠤᠯᠠᠮᠵᠢᠯᠠᠨ ᠬᠦᠭᠵᠢᠬᠦᠯᠵᠦ ᠪᠠᠶᠢᠭ᠎ᠠ ᠦᠢᠯᠡ ᠠᠵᠢᠯᠯᠠᠭ᠎ᠠ | ᠶᠢ ᠦᠨᠡᠯᠡᠵᠦ᠂ ᠤᠯᠠᠮᠵᠢᠯᠠᠯᠲᠦ ᠨᠡᠬᠦᠳᠡᠯ ᠮᠠᠯᠵᠢᠯᠠᠯ ᠳᠤ ᠬᠡᠷᠡᠭᠯᠡᠵᠦ᠂ ᠰᠤᠷ ᠡᠳ᠋ᠯᠡᠯ ᠤᠯᠠᠮᠵᠢᠯᠠᠨ ᠬᠦᠭᠵᠢᠬᠦᠯᠵᠦ᠂ | ᠬᠤᠶᠢᠴᠢ ᠶᠢᠨ ᠦᠶ᠎ᠡ ᠳᠡᠭᠡᠨ ᠦᠪᠯᠡᠨ ᠤᠯᠠᠮᠵᠢᠯᠠᠵᠤ ᠪᠠᠶᠢᠭ᠎ᠠ ᠠᠵᠢᠯ ᠢ ᠨᠢᠷ ᠦᠨᠡᠯᠡᠵᠦ᠂ 2015 ᠤᠨ ᠳᠤ | ᠪᠦᠬᠦ ᠬᠤᠰᠢᠭᠤᠨ ᠤ ᠬᠤᠰᠢᠭᠤ ᠳᠡᠰ ᠤᠨ ︽ᠦᠵᠦᠮᠦᠴᠢᠨ ᠡᠮᠡᠬᠡᠯ ᠬᠢᠬᠦ ᠤᠷ᠎ᠠ ᠮᠡᠷᠬᠡᠵᠢᠯ ᠤᠨ ᠤᠯᠠᠮᠵᠢᠯᠠᠭᠴᠢ︾ | ᠪᠠᠷ ᠨᠡᠷᠡᠶᠢᠳᠴᠦ᠂ 2016 ᠤᠨ ᠳᠤ ᠪᠦᠬᠦ ᠠᠶᠢᠮᠠᠭ ᠤᠨ ᠳᠡᠰ ᠤᠨ ︽ᠦᠵᠦᠮᠦᠴᠢᠨ ᠡᠮᠡᠬᠡᠯ ᠬᠢᠬᠦ ᠤᠷ᠎ᠠ | ᠮᠡᠷᠬᠡᠵᠢᠯ ᠤᠨ ᠤᠯᠠᠮᠵᠢᠯᠠᠭᠴᠢ︾ ᠪᠠᠷ ᠨᠡᠷᠡᠶᠢᠳᠦᠭᠳᠡᠪᠡ᠃ ᠫᠤᠩᠰᠤᠭ ᠨᠦᠬᠦᠷ ᠴᠤ ᠨᠠᠮ ᠵᠠᠰᠠᠭ ᠠᠴᠠ ᠤᠯᠤᠭᠰᠠᠨ | ᠢᠷᠠᠭᠤ ᠠᠯᠳᠠᠷ ᠢᠶᠠᠨ ᠨᠠᠨᠳᠢᠩᠨᠠᠨ᠂ ᠡᠨᠡᠬᠦ ᠦᠪᠡᠷ ᠤᠨ ᠳᠤᠷ᠎ᠠ ᠪᠠᠭ᠋ᠠᠳᠠᠢ ᠤᠯᠠᠮᠵᠢᠯᠠᠯᠲᠤ ᠰᠤᠷ ᠡᠳ᠋ᠯᠡᠯ ᠤᠨ ᠰᠤᠶᠤᠯ | ᠢᠶᠠᠨ ᠨᠡᠩ ᠤᠯᠠᠨ ᠳᠤ ᠳᠡᠯᠬᠡᠷᠡᠬᠦᠯᠵᠦ ᠤᠯᠠᠮᠵᠢᠯᠠᠬᠤ ᠶᠢᠨ ᠲᠦᠯᠦᠬᠡ 5 ᠨᠡᠷ᠎ᠡ ᠱᠠᠪᠢ ᠳᠠᠭᠠᠭᠤᠯᠵᠤ᠂ ᠦᠪᠡᠷ ᠤᠨ | ᠡᠨᠡᠬᠦ ᠤᠷ᠎ᠠ ᠮᠡᠷᠬᠡᠵᠢᠯ ᠢᠶᠠᠨ ᠬᠠᠷᠠᠮ ᠦᠬᠡᠢ ᠵᠢᠭᠠᠵᠤ ᠰᠤᠷᠭᠠᠭᠰᠠᠨ ᠢᠶᠠᠷ ᠳᠡᠬᠦᠨ ᠤ 2 ᠱᠠᠪᠢ ᠨᠢ ᠣᠳᠣᠬᠠᠨ ᠪᠡᠶ᠎ᠡ | ᠪᠠᠨ ᠲᠠᠭᠠᠭᠠᠨ ᠰᠤᠷ ᠡᠳ᠋ᠯᠡᠯ ᠤᠨ ᠭᠠᠵᠠᠷ ᠢᠶᠠᠨ ᠡᠬᠢᠯᠡᠬᠦᠯᠦᠭᠰᠡᠨ ᠪᠠᠶᠢᠨ᠎ᠠ᠃ |