ᠡᠬᠡ ᠣᠷᠣᠨ ᠭᠡᠳᠡᠭ
ᠨᠡᠶᠢᠲᠡᠯᠡᠭᠰᠡᠨ ᠴᠠᠭ᠄
2024/10/29
ᠮᠢᠩᠭᠠᠨ ᠲᠤᠰᠤᠯ ᠢᠶᠠᠷ ᠲᠣᠪᠰᠢᠯᠠᠨ ᠰᠢᠪᠡᠷᠡᠵᠦ ᠭᠱᠠᠨ ᠵᠠᠭᠤᠷ᠎ᠠ ᠥᠨᠢ ᠮᠥᠩᠬᠡ ᠶᠢᠨ ᠳᠥᠯᠭᠡᠬᠡᠨ ᠬᠠᠷᠠᠴᠠ ᠪᠠᠷ ᠠᠷᠢᠭᠤᠨ ᠰᠠᠴᠤᠯᠢ ᠪᠠᠨ ᠢᠳᠠᠮᠯᠠᠵᠤ ᠵᠤᠨ ᠣᠯᠠᠨ ᠳᠠᠭᠠᠨ ᠲᠤᠤᠯᠢᠶᠠᠳᠣᠬᠰᠠᠨ ᠨᠤᠲᠤᠭ ᠬᠥᠮᠥᠨ ᠬᠤᠶᠠᠷ ᠢ ᠳᠠᠭᠠᠵᠤ ᠡᠬᠡ ᠭᠠᠵᠠᠷ ᠤᠨ ᠤᠮᠳᠠᠯᠠᠭᠰᠠᠨ ᠤᠰᠤ ᠨᠢ ᠭᠦᠷᠲᠡᠯ᠎ᠡ ᠡᠬᠡ ᠣᠷᠣᠨ ᠤ ᠲᠤᠤᠯᠢ ᠪᠣᠯᠬᠤᠷ ᠮᠥᠩᠭᠦᠨ ᠰᠠᠶᠢᠬᠠᠨ ᠰᠡᠳᠬᠢᠯ ᠨᠢ ᠬᠤᠯᠠ ᠳᠤ ᠠᠰᠠᠬᠤ ᠡᠭᠦᠷᠢᠳᠡ ᠠᠮᠤᠭᠤᠯᠠᠩ ᠵᠠᠶᠠᠭ᠎ᠠ ᠲᠦᠰᠢᠬᠦᠢ ᠡᠬᠡ ᠣᠷᠣᠨ ᠢᠶᠠᠨ ᠳᠠᠭᠤᠯᠠᠨ᠎ᠠ   ᠡᠵᠢ ᠶᠢᠨ ᠮᠢᠨᠢ ᠪᠦᠪᠡᠢ ᠶᠢᠨ ᠳᠠᠭᠤᠤ ᠳᠤ ᠨᠠᠷᠠ ᠥᠨᠵᠢᠵᠦ ᠡᠪᠡᠰᠦᠨ ᠤ ᠭᠦᠨ ᠳᠤ ᠭᠤᠯᠢᠶ᠎ᠠ ᠴᠠᠷᠭᠢᠨ ᠬᠥᠬᠡ ᠠᠯᠠᠭ ᠴᠢᠯᠠᠭᠤᠳ ᠪᠢᠳᠠᠨ ᠢ ᠳᠠᠯᠠᠯᠵᠤ ᠬᠤᠨᠢᠨ ᠡᠭᠦᠯᠡᠰ ᠬᠠᠭᠤᠴᠢᠨ ᠪᠠᠭᠤᠷᠢ ᠳᠤᠨᠢ ᠮᠢᠩᠭ᠎ᠠ ᠮᠢᠩᠭᠠᠨ ᠴᠡᠴᠡᠭ ᠪᠠᠳᠮᠠᠯᠠᠨ᠎ᠠ ᠡᠬᠡ ᠣᠷᠣᠨ ᠭᠡᠳᠡᠭ  ᠵᠢᠷᠦᠬᠡᠨ ᠳᠤ ᠤᠶᠠᠭᠠᠲᠠᠢ ᠲᠠᠯ᠎ᠠ ᠳᠤᠨᠢ ᠪᠤᠳᠤᠯ ᠮᠢᠨᠢ ᠨᠠᠮᠤᠷᠵᠢᠨ ᠴᠠᠯᠠᠶᠢᠵᠤ ᠮᠥᠩᠬᠡ ᠶᠢᠨ ᠣᠷᠣᠨ ᠬᠢᠵᠠᠭᠠᠷ ᠦᠭᠡᠢ ᠳᠤ ᠦᠨᠡᠨ ᠤ ᠵᠥᠩᠴᠢ ᠰᠢᠳᠢ ᠪᠠᠷ ᠣᠩᠭᠤᠳ ᠢ ᠰᠤᠪᠢᠳᠠᠭ ᠠᠮᠢᠳᠤ ᠵᠢᠷᠤᠬᠠᠢ ᠲᠠᠭᠠᠨ᠎ᠠ ᠶᠢᠨ ᠴᠡᠴᠡᠭ ᠲᠤ ᠮᠥᠷ ᠢᠶᠠᠨ ᠲᠠᠮᠠᠭᠠᠯᠠᠵᠤ ᠦᠯᠡᠳᠡᠭᠡᠨ ᠠᠭᠠᠷᠤ ᠽᠠᠨᠳᠠᠨ ᠤᠶᠠᠭᠠᠨ ᠳᠡᠭᠡᠷ᠎ᠡ ᠪᠠᠭᠤᠴᠠᠯᠠᠬᠰᠠᠨ ᠶᠤᠮᠡᠬᠡ ᠣᠷᠣᠨ ᠭᠡᠳᠡᠭ   ᠨᠠᠮ ᠬᠥᠮ ᠤᠨ ᠴᠢᠯᠦᠭᠡ ᠪᠠᠷ ᠡᠭᠡᠳᠡᠷᠡᠭᠡ ᠪᠠᠨ ᠲᠡᠪᠴᠢᠵᠦ ᠨᠠᠨᠳᠢᠨ ᠵᠠᠶᠠᠭᠠᠨ ᠤ ᠡᠵᠡᠨ ᠪᠣᠯᠤᠭᠰᠠᠨ ᠲᠡᠷᠡ ᠪᠣᠯ ᠪᠣᠯᠵᠤᠭ᠎ᠠ ᠪᠤᠶᠤ ᠮᠥᠷᠥᠭᠡᠳᠦᠯ ᠤᠯᠠᠷᠢᠯ ᠤᠨ ᠠᠷᠢᠭᠤᠨ ᠠᠮᠢᠰᠬᠤᠯ ᠢ ᠠᠮᠢᠰᠬᠤᠬᠤ ᠲᠣᠳᠣᠮ ᠳᠣᠮ ᠪᠠᠶᠢᠵᠤ ᠤᠯᠠᠷᠢᠭᠰᠠᠨ ᠰᠣᠶᠣᠯ ᠤᠨ ᠲᠡᠮᠳᠡᠭ ᠪᠣᠯᠬᠤᠢ ᠠᠶᠠᠨ ᠤ ᠵᠢᠯᠣᠭᠤ ᠤᠷᠲᠤᠰᠤᠨ ᠮᠥᠩᠬᠡᠵᠢᠨ᠎ᠡᠡ᠊ᠬᠡ ᠣᠷᠣᠨ ᠭᠡᠳᠡᠭ  
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号