ᠴᠡᠭᠡᠷᠯᠡᠯ
ᠨᠡᠶᠢᠲᠡᠯᠡᠭᠰᠡᠨ ᠴᠠᠭ᠄
2024/10/23
     ᠬᠠᠭᠤᠴᠢᠨ ᠤ ᠦᠶ᠎ᠡ ᠳᠤ ᠮᠣᠩᠭᠤᠯᠴᠤᠳ ᠤᠨ ᠳᠤᠮᠳᠠ ᠮᠠᠰᠢ ᠤᠯᠠᠨ ᠴᠡᠭᠡᠷ ᠤᠯᠠᠮᠵᠢᠯᠠᠭᠳᠠᠵᠤ ᠪᠠᠶᠢᠵᠠᠢ᠃ ᠡᠳᠦᠷ ᠳᠤᠲᠤᠮ ᠤᠨ ᠴᠡᠭᠡᠷᠯᠡᠯ ᠳᠤ ᠡᠭᠦᠳᠡᠨ ᠪᠣᠱᠣᠭᠤ ᠳᠡᠭᠡᠷ᠎ᠡ ᠭᠢᠰᠬᠢᠵᠦ ᠪᠣᠯᠬᠤ ᠦᠭᠡᠢ᠂ ᠰᠠᠳᠤᠨ ᠲᠦᠷᠦᠯ ᠤᠨ  ᠳᠤ ᠪᠠᠨ ᠠᠶᠢᠯᠴᠢᠯᠠᠬᠤ ᠳᠤ ᠮᠠᠯᠠᠭᠠᠢ  ᠪᠠᠨ ᠵᠥᠷᠢᠭᠦᠦ ᠪᠤᠷᠤᠭᠤ ᠵᠡᠭᠦᠵᠦ ᠪᠣᠯᠬᠤ ᠦᠭᠡᠢ᠂ ᠭᠠᠯ ᠤᠨ ᠬᠤᠪᠣᠩ᠂ ᠲᠤᠯᠭ᠎ᠠ ᠳᠡᠭᠡᠷ᠎ᠡ ᠲᠠᠮᠠᠬᠢᠨ ᠤ ᠭᠠᠩᠰᠠ ᠲᠣᠭᠰᠢᠵᠤ ᠪᠣᠯᠬᠤ ᠦᠭᠡᠢ᠂ ᠮᠣᠷᠢ ᠯᠠᠭᠤᠰᠠ ᠨᠣᠬᠠᠢ ᠶᠢᠨ ᠮᠢᠬ᠎ᠠ ᠢᠳᠡᠬᠦ ᠶᠢ ᠴᠡᠭᠡᠷᠯᠡᠨ᠎ᠡ᠂ ᠵᠢᠭᠠᠰᠤ ᠢᠳᠡᠬᠦ ᠶᠢ ᠴᠡᠭᠡᠷᠯᠡᠨ᠎ᠡ᠂ ᠳᠣᠯᠭᠢᠨ ᠲᠤᠭᠰᠢᠨ ᠰᠢᠪᠠᠭᠤᠳ ᠢ ᠠᠯᠠᠬᠤ ᠶᠢ ᠴᠡᠭᠡᠷᠯᠡᠨ᠎ᠡ᠂ ᠮᠣᠭᠠᠢ ᠠᠯᠠᠬᠤ ᠶᠢ ᠴᠡᠭᠡᠷᠯᠡᠨ᠎ᠡ᠂ ᠭᠠᠳᠠᠨ᠎ᠠ ᠶᠢᠨ ᠬᠥᠮᠥᠨ ᠠᠶᠢᠯ ᠳᠤ ᠣᠷᠣᠬᠤ  ᠳᠤ ᠪᠠᠨ ᠲᠠᠰᠢᠭᠤᠷ ᠬᠠᠵᠠᠭᠠᠷ ᠪᠣᠯᠣᠨ ᠱᠤᠤᠮᠠᠰᠠ ᠡᠭᠦᠷᠴᠦ ᠭᠡᠷ ᠲᠤ ᠣᠷᠣᠵᠤ ᠪᠣᠯᠬᠤ ᠦᠭᠡᠢ᠂ ᠤᠨᠲᠠᠬᠤ ᠦᠶ᠎ᠡ ᠳᠤ ᠬᠥᠯ ᠢᠶᠠᠨ ᠪᠠᠷᠠᠭᠤᠨ ᠬᠤᠶᠢᠰᠢ ︵ᠪᠤᠷᠬᠠᠨ ᠲᠠᠬᠢᠯ  ᠥᠭᠡᠳᠡ︶ ᠬᠠᠨᠳᠤᠭᠤᠯᠵᠤ ᠬᠡᠪᠲᠡᠵᠦ ᠪᠣᠯᠬᠤ ᠦᠭᠡᠢ᠂ ᠪᠤᠰᠤᠳ ᠤᠨ ᠲᠣᠯᠣᠭᠠᠢ ᠳᠤ ᠭᠠᠷ ᠬᠦᠷᠬᠦ ᠶᠢ ᠴᠡᠭᠡᠷᠯᠡᠨ᠎ᠡ᠂ ᠡᠮᠡᠭᠲᠡᠢ ᠬᠥᠮᠥᠨ ᠥᠮᠥᠳᠦ ᠪᠠᠨ ᠡᠷᠦᠢ ᠬᠤᠷᠤᠢ ᠦᠭᠡᠢ ᠡᠯᠭᠦᠵᠦ ᠲᠠᠯᠪᠢᠵᠤ ᠪᠣᠯᠬᠤ ᠦᠭᠡᠢ᠂ ᠬᠡᠦᠬᠡᠳ ᠡᠮᠡᠭᠲᠡᠢ ᠬᠥᠮᠥᠨ ᠤ ᠰᠤᠭᠤᠨ ᠳᠣᠣᠭᠤᠷ ᠰᠢᠷᠭᠤᠬᠤ ᠦᠭᠡᠢ᠂ ᠰᠦᠮ᠎ᠡ ᠬᠡᠶᠢᠳ ᠤᠨ ᠮᠣᠳᠣ ᠶᠢ ᠳᠤᠷ᠎ᠠ ᠪᠠᠷ ᠣᠭᠲᠣᠯᠵᠤ ᠪᠣᠯᠬᠤ ᠦᠭᠡᠢ᠃             ᠪᠠᠶᠠᠷ ᠳᠤᠷᠠᠰᠬᠠᠯ ᠤᠨ ᠡᠳᠦᠷ ᠤᠨ ᠴᠡᠭᠡᠷ᠄ ᠪᠢᠲᠡᠭᠦᠨ ᠤ ᠣᠷᠣᠢ ᠪᠡᠯᠭᠡ ᠳᠡᠮᠪᠡᠷᠢᠯ ᠦᠭᠡᠢ ᠦᠭᠡ ᠬᠡᠯᠡᠳᠡᠭ ᠦᠭᠡᠢ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠭᠠᠵᠠᠷ ᠱᠦᠭᠦᠷᠳᠡᠬᠦ᠂ ᠠᠮᠢᠳᠠᠨ ᠢ ᠠᠯᠠᠬᠤ᠂ ᠡᠳ᠋ ᠥᠯᠥᠭ ᠢᠶᠠᠨ ᠡᠪᠳᠡᠯᠡᠵᠦ ᠬᠠᠭᠠᠯᠬᠤ ᠶᠢ ᠴᠡᠭᠡᠷᠯᠡᠨ᠎ᠡ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠲᠠᠪᠤᠨ ᠪᠣᠯᠳᠠᠯ᠎ᠠ ᠵᠡᠭᠦᠦ ᠤᠲᠠᠰᠤ ᠬᠥᠳᠡᠯᠭᠡᠬᠦ ᠶᠢ ᠴᠡᠭᠡᠷᠯᠡᠨ᠎ᠡ᠃          ᠤᠷᠤᠭ ᠬᠤᠷᠢᠮ ᠤᠨ ᠴᠡᠭᠡᠷ᠄ ᠬᠡᠷᠯᠡᠬᠦ ᠳᠤ ᠡᠮᠡᠭᠲᠡᠢ ᠬᠥᠮᠥᠨ ᠡᠷᠡᠭᠲᠡᠢ ᠠᠴᠠ ᠪᠠᠨ ᠨᠢᠭᠡ ᠨᠠᠰᠤ ᠶᠡᠭᠡ ᠶᠢ ᠴᠡᠭᠡᠷᠯᠡᠬᠦ᠂ ᠠᠤᠬᠠᠨ ᠤ ᠭᠠᠵᠠᠷ ᠣᠷᠣᠨ ᠳᠤ ᠠᠬ᠎ᠠ ᠨᠢ ᠨᠠᠰᠤ ᠪᠠᠷᠠᠪᠠᠯ ᠳᠡᠭᠦᠦ ᠨᠢ ᠪᠡᠷᠭᠡᠨ ᠲᠠᠢ ᠪᠠᠨ ᠰᠠᠭᠤᠵᠤ ᠪᠣᠯᠬᠤ ᠪᠣᠯᠪᠠᠴᠤ᠂ ᠳᠡᠭᠦᠦ ᠨᠢ ᠨᠠᠰᠤ ᠪᠠᠷᠠᠪᠠᠯ ᠠᠬ᠎ᠠ ᠨᠢ ᠳᠡᠭᠦᠦ ᠶᠢᠨ ᠢᠶᠠᠨ ᠡᠬᠡᠨᠡᠷ ᠲᠠᠢ ᠰᠠᠭᠤᠵᠤ ᠪᠣᠯᠳᠠᠭ ᠦᠭᠡᠢ᠃          ᠬᠡᠦᠬᠡᠳ ᠬᠥᠩᠭᠡᠵᠢᠬᠦ ᠴᠡᠭᠡᠷ᠄ ᠬᠥᠩᠭᠡᠵᠢᠭᠰᠡᠨ ᠡᠮᠡᠭᠲᠡᠢ  ᠶᠢᠨ ᠭᠡᠷ ᠲᠤ ᠲᠠᠨᠢᠯ ᠪᠤᠰᠤ ᠬᠥᠮᠥᠨ ᠣᠷᠣᠬᠤ ᠶᠢ ᠴᠡᠭᠡᠷᠯᠡᠬᠦ᠂ ᠬᠦᠦ ᠲᠠᠢ ᠪᠣᠯᠪᠠᠯ ᠭᠡᠷ ᠤᠨ ᠡᠭᠦᠳᠡᠨ ᠳᠡᠭᠡᠷ᠎ᠡ ᠪᠠᠨ ᠨᠤᠮᠤ ᠰᠤᠮᠤ ᠡᠯᠭᠦᠵᠦ᠂ ᠬᠡᠦᠬᠡᠨ ᠲᠠᠢ ᠪᠣᠯᠪᠠᠯ ᠤᠯᠠᠭᠠᠨ ᠪᠦᠰᠡ ᠡᠯᠭᠦᠵᠦ᠂ ᠬᠥᠩᠭᠡᠵᠢᠵᠦ ᠨᠢᠷᠠᠶᠢᠯᠠᠬᠤ ᠦᠶ᠎ᠡ ᠳᠤ ᠲᠡᠭᠷᠢ ᠶᠢᠨ ᠨᠣᠬᠠᠢ ᠶᠢᠨ ᠵᠦᠭ ᠬᠠᠨᠳᠤᠭᠤᠯᠵᠤ ᠰᠠᠭᠤᠯᠭᠠᠬᠤ ᠶᠢ ᠴᠡᠭᠡᠷᠯᠡᠬᠦ᠃ ᠳᠠᠷᠤᠢ ᠲᠡᠭᠷᠢ ᠶᠢᠨ ᠬᠠᠷ᠎ᠠ ᠨᠣᠬᠠᠢ ᠬᠠᠪᠤᠷ ᠤᠨ ᠤᠯᠠᠷᠢᠯ ᠳᠤ ᠵᠡᠭᠦᠨ ᠵᠦᠭ᠂ ᠵᠤᠨ ᠤ ᠭᠤᠷᠪᠠᠨ ᠰᠠᠷ᠎ᠠ ᠳᠤ ᠡᠮᠦᠨ᠎ᠡ ᠵᠦᠭ ᠲᠤ᠂ ᠨᠠᠮᠤᠷ ᠤᠨ ᠤᠯᠠᠷᠢᠯ ᠳᠤ ᠪᠠᠷᠠᠭᠤᠨ ᠵᠦᠭ ᠲᠤ᠂ ᠡᠪᠦᠯ ᠤᠨ ᠤᠯᠠᠷᠢᠯ ᠳᠤ ᠤᠮᠠᠷ᠎ᠠ ᠵᠦᠭ ᠲᠤ ᠠᠮᠠ ᠪᠠᠨ ᠠᠩᠭᠠᠶᠢᠵᠤ ᠣᠷᠣᠰᠢᠳᠠᠭ ᠲᠤᠯᠠ ᠲᠡᠭᠷᠢ ᠶᠢᠨ ᠬᠠᠷ᠎ᠠ ᠨᠣᠬᠠᠢ ᠶᠢᠨ ᠠᠮᠠᠨ ᠵᠦᠭ ᠬᠠᠨᠳᠤᠭᠤᠯᠵᠤ ᠰᠠᠭᠤᠯᠭᠠᠬᠤ ᠶᠢ ᠴᠡᠭᠡᠷᠯᠡᠳᠡᠭ ᠶᠤᠮ᠃ ᠰᠠᠷ᠎ᠠ  ᠳᠤ ᠰᠠᠭᠤᠭᠰᠠᠨ ᠡᠮᠡᠭᠲᠡᠢ ᠳᠤ ᠲᠦᠭᠦᠬᠡᠢ ᠳᠠᠪᠤᠰᠤ ᠢᠳᠡᠭᠦᠯᠬᠦ ᠶᠢ ᠴᠡᠭᠡᠷᠯᠡᠳᠡᠭ᠃ ᠬᠡᠦᠬᠡᠳ ᠰᠠᠷ᠎ᠠ ᠳᠦᠭᠦᠷᠬᠦ ᠳᠤ ︽ᠤᠷᠳᠤ ᠨᠠᠰᠤᠯᠠᠬᠤ ᠭᠤᠯᠢᠷ ᠪᠤᠳᠠᠭ᠎ᠠ︾ ᠳᠤ ᠮᠢᠬ᠎ᠠ ᠬᠢᠬᠦ ᠶᠢ ᠴᠡᠭᠡᠷᠯᠡᠨ᠎ᠡ᠂ ᠰᠠᠷ᠎ᠠ ᠶᠢᠨ ᠬᠤᠷᠢᠮ ᠳᠤ ᠣᠷᠣᠯᠴᠠᠭᠰᠠᠳ ᠬᠡᠦᠬᠡᠳ ᠲᠤ ᠵᠣᠭᠤᠰ ᠪᠤᠶᠤ ᠬᠤᠪᠴᠠᠰᠤ ᠬᠤᠨᠠᠷ ᠤᠨ ᠵᠦᠢᠯ ᠱᠠᠩᠨᠠᠨ᠎ᠠ᠂ ᠭᠡᠪᠡᠴᠦ ᠮᠠᠯᠠᠭᠠᠢ ᠥᠭᠴᠦ ᠪᠣᠯᠬᠤ ᠦᠭᠡᠢ᠃          ᠣᠷᠣᠰᠢᠭᠤᠯᠭ᠎ᠠ ᠶᠢᠨ ᠴᠡᠭᠡᠷ᠄ ᠨᠠᠰᠤ ᠪᠠᠷᠠᠭᠴᠢ ᠶᠢᠨ ᠴᠢᠨᠳᠠᠷ ᠢ ᠭᠠᠷᠭᠠᠬᠤ ᠦᠶ᠎ᠡ ᠳᠤ ᠠᠪᠰᠠ ᠳᠠᠮᠨᠠᠭᠴᠢ ︽ᠬᠦᠨᠳᠦ︾ ᠭᠡᠵᠦ ᠬᠡᠯᠡᠬᠦ ᠶᠢ ᠴᠡᠭᠡᠷᠯᠡᠬᠦ᠂ ᠨᠠᠰᠤ ᠪᠠᠷᠠᠭᠰᠠᠨ ᠬᠥᠮᠥᠨ ᠢ ᠦᠭᠡᠶᠢᠯᠡᠬᠦ ᠪᠠᠷ ᠣᠴᠢᠬᠤ ᠳᠤ ᠬᠤᠷᠴᠠ ᠬᠢᠯᠠᠭᠠᠷ ᠥᠩᠭᠡᠲᠡᠢ ᠬᠤᠪᠴᠠᠰᠤ ᠡᠮᠦᠰᠬᠦ ᠶᠢ ᠴᠡᠭᠡᠷᠯᠡᠬᠦ᠂  ᠬᠤᠶᠢᠲᠤ ᠬᠡᠰᠡᠭ ᠤᠨ ᠵᠠᠷᠢᠮ ᠮᠠᠯᠵᠢᠬᠤ ᠣᠷᠣᠨ ᠳᠤ ᠡᠮᠡᠭᠲᠡᠢ ᠬᠥᠮᠥᠨ ᠤᠩᠭᠤᠨ ᠤ ᠭᠠᠵᠠᠷ ᠣᠴᠢᠬᠤ ᠶᠢ ᠴᠡᠭᠡᠷᠯᠡᠳᠡᠭ᠃  
 
ᠢᠷᠡᠯᠲᠡ᠄ ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ ᠤᠨ ᠣᠷᠴᠢᠭᠤᠯᠭ᠎ᠠ ᠶᠢᠨ ᠰᠠᠯᠠᠭ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号