ᠤᠯᠠᠭᠠᠨᠬᠠᠭᠠᠯᠭ᠎ᠠ ᠰᠤᠮᠤ ᠦᠬᠡᠷ ᠤᠨ ᠢᠴᠢᠭᠡᠯ ᠦᠷ᠎ᠡ ᠶᠢᠨ ᠬᠡᠭᠡᠯᠳᠤᠭᠦᠯᠭᠡ ᠶᠢᠨ ᠪᠤᠯᠪᠠᠰᠤᠷᠠᠯ ᠡᠷᠬᠢᠯᠡᠪᠡ | | ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ ᠰᠤᠮᠤᠨ ᠤ ᠡᠪᠯᠡᠯ ᠶᠢᠨ ᠬᠤᠷᠢᠶ᠎ᠠ᠂ ᠰᠤᠮᠤᠨ ᠤ | ᠰᠢᠨ᠎ᠡ ᠴᠠᠭ ᠦᠶ᠎ᠡ ᠶᠢᠨ ᠪᠤᠯᠪᠠᠰᠤᠨ ᠤ ᠦᠢᠯᠡᠳᠦᠯᠭᠡ ᠶᠢᠨ ᠰᠠᠯᠪᠦᠷᠢ ᠬᠠᠮᠳᠤᠷᠠᠨ ᠵᠤᠬᠢᠶᠠᠨ ᠪᠠᠶᠢᠭᠤᠯᠵᠤ᠂ ᠰᠢᠨ᠎ᠡ | ᠬᠦᠳᠡᠭᠡ ᠲᠤᠰᠬᠤᠨ ᠶᠢ ᠬᠦᠭᠵᠢᠭᠦᠯᠦᠨ ᠮᠠᠨᠳᠤᠭᠤᠯᠵᠤ᠂ ᠮᠠᠯ ᠰᠦᠷᠦᠷᠭ ᠶᠢᠨ ᠪᠦᠳᠦᠴᠡ ᠶᠢ ᠰᠢᠯᠢᠳᠡᠭᠵᠢᠭᠦᠯᠬᠦ ᠶᠢᠨ | ᠲᠤᠰᠠᠳᠠ᠂ 2023 ᠤᠨ ᠤ 6 ᠰᠠᠷ᠎ᠠ ᠶᠢᠨ 15 ᠠᠴᠠ17 ᠡᠳᠦᠷ ᠪᠤᠯᠳᠠᠯ᠎ᠠ 3 ᠡᠳᠦᠷ ᠤᠨ ᠴᠠᠭ ᠬᠤᠭᠤᠴᠠᠭ᠎ᠠ | ᠶᠢ ᠬᠡᠷᠡᠭᠰᠡᠵᠦ᠂ ᠲᠤᠰ ᠰᠤᠮᠤᠨ ᠤ ᠪᠠᠨ ᠪᠤᠳᠠᠲᠠᠢ ᠪᠠᠶᠢᠳᠠᠯ ᠲᠤ ᠰᠠᠭᠤᠷᠢᠯᠠᠵᠤ᠂ 13 ᠭᠠᠴᠠᠭ᠎ᠠ ᠠᠴᠠ ᠲᠤᠰᠪᠦᠷᠢ | ᠨᠢᠭᠡ ᠨᠡᠷ᠎ᠡ ᠵᠠᠯᠠᠭᠤᠴᠤᠳ ᠶᠢ ᠤᠷᠤᠯᠴᠠᠭᠤᠯᠬᠤ ᠪᠠᠷ ᠱᠠᠭᠠᠷᠳᠠᠭᠰᠠᠨ ᠠᠴᠠ ᠡᠯ᠎ᠡ ᠭᠠᠴᠠᠭ᠎ᠠ ᠶᠢᠨ 12 ᠨᠠᠷ᠎ᠡ | ᠵᠠᠯᠠᠭᠤᠴᠤᠳ ᠲᠤᠰ ᠤᠳᠠᠭᠠᠨ ᠤ ᠢᠴᠢᠭᠡᠯ ᠦᠷ᠎ᠡ ᠶᠢᠨ ᠬᠡᠭᠡᠯᠳᠦᠭᠦᠯᠭᠡ ᠶᠢᠨ ᠪᠤᠯᠪᠠᠰᠤᠷᠠᠯ ᠲᠤ ᠢᠳᠡᠪᠬᠢᠲᠠᠢ | ᠤᠷᠤᠯᠴᠠᠭᠰᠠᠨ ᠪᠠᠶᠢᠨ᠎ᠠ᠃ ᠡᠨᠡᠬᠦ ᠤᠳᠠᠭᠠᠨ ᠤ ᠢᠴᠢᠭᠡᠯ ᠦᠷ᠎ᠡ ᠶᠢᠨ ᠬᠡᠭᠡᠯᠳᠦᠭᠦᠯᠭᠡ ᠶᠢᠨ ᠪᠤᠯᠪᠠᠰᠤᠷᠠᠯ ᠶᠢ ᠲᠤᠰ | ᠰᠤᠮᠤᠨ ᠠᠴᠠ ᠲᠠᠪᠰᠢᠯᠳᠠ ᠭᠠᠴᠠᠭᠠᠨ ᠤ 《 ᠵᠠᠯᠠᠭᠤᠴᠤᠳ ᠤᠨ ᠠᠶᠢᠯ 》《 ᠰᠢᠨ᠎ᠡ ᠴᠠᠭ ᠦᠶ᠎ᠡ ᠶᠢᠨ ᠮᠠᠯᠴᠢᠨ | ᠰᠠᠶᠢᠨ ᠲᠤᠷᠠᠴᠤᠳ ᠶᠢᠨ ᠦᠢᠯᠡᠴᠢᠯᠡᠭᠡᠨ ᠤ ᠦᠷᠦᠭᠡ 》《 ᠡᠭᠦᠷᠢᠳᠡ ᠬᠤᠪᠢᠷᠠᠰᠢ ᠦᠬᠡᠢ ᠰᠠᠶᠢᠨ ᠲᠤᠷᠠᠴᠤᠳ | ᠶᠢᠨ ᠦᠷᠦᠭᠡ 》ᠪᠤᠯᠬᠤ ᠮᠠᠯᠴᠢᠨ ᠮᠡᠷᠭᠡᠵᠢᠯᠳᠡᠨ ᠨᠤᠷᠪᠤᠰᠠᠩ ᠶᠢᠨ ᠳᠤ ᠭᠡᠷ ᠲᠤ ᠡᠷᠬᠢᠯᠡᠨ ᠶᠠᠪᠤᠭᠳᠠᠭᠤᠯᠤᠭᠰᠠᠨ | ᠪᠦᠬᠡᠳ ᠢᠴᠢᠭᠡᠯ ᠶᠢᠨ ᠦᠷ᠎ᠡ ᠶᠢᠨ ᠭᠠᠷ ᠬᠡᠭᠡᠯᠳᠦᠭᠦᠯᠭᠡ ᠶᠢᠨ ᠠᠵᠢᠯ ᠶᠢ 3 —4 ᠵᠢᠯ ᠬᠢᠵᠦ ᠪᠠᠶᠢᠭ᠎ᠠ ᠳᠠᠪᠰᠢᠯᠳᠠ | ᠭᠠᠴᠠᠭ᠎ᠠ ᠶᠢᠨ ᠮᠠᠯᠴᠢᠨ ᠮᠡᠷᠭᠡᠵᠢᠯᠳᠡᠨ ᠨᠤᠷᠪᠤᠰᠠᠩ᠂ ᠢᠯᠠᠯᠲᠠ ᠭᠠᠴᠠᠭ᠎ᠠ ᠶᠢᠨ ᠮᠠᠯᠴᠢᠨ ᠮᠡᠷᠭᠡᠵᠢᠯᠳᠡᠨ ᠮᠡᠷᠭᠡᠨᠪᠢᠯᠢᠭ᠂ | ᠰᠠᠷᠠᠭᠤᠯᠳᠤᠶᠠᠭ᠎ᠠ ᠭᠠᠴᠠᠭ᠎ᠠ ᠶᠢᠨ ᠮᠠᠯᠴᠢᠨ ᠮᠡᠷᠭᠡᠵᠢᠯᠳᠡᠨ ᠭᠠᠩᠵᠤᠷᠢᠭ ᠵᠡᠷᠭᠡ 3 ᠨᠡᠷ᠎ᠡ ᠨᠤᠲᠤᠭ ᠶᠢᠨ ᠮᠠᠯᠴᠢᠨ | ᠮᠡᠷᠭᠡᠵᠢᠯᠳᠡᠨ ᠶᠢ ᠤᠷᠢᠨ ᠵᠠᠯᠠᠵᠤ᠂ ᠢᠴᠢᠭᠡᠯ ᠦᠶ᠎ᠡ ᠶᠢᠨ ᠬᠡᠭᠡᠯᠳᠦᠭᠦᠯᠭᠡ ᠶᠢᠨ ᠪᠤᠯᠪᠠᠰᠤᠷᠠᠯ ᠶᠢ ᠵᠢᠭᠠᠨ | ᠵᠢᠯᠤᠭᠤᠳᠤᠭᠤᠯᠵᠤ ᠪᠠᠭᠰᠢᠯᠠᠭᠤᠯᠤᠭᠰᠠᠨ ᠪᠠᠶᠢᠨ᠎ᠠ᠃ | ᠡᠭᠦᠨ ᠤ ᠬᠠᠮᠳᠤ ᠨᠢᠭᠡ ᠡᠳᠦᠷ ᠶᠢᠨ ᠢᠴᠢᠭᠡᠯ ᠦᠶ᠎ᠡ ᠶᠢᠨ ᠬᠡᠭᠡᠯᠳᠦᠭᠦᠯᠭᠡ ᠶᠢᠨ ᠲᠤᠬᠠᠢ ᠦᠨᠳᠦᠰᠡᠨ ᠮᠡᠳᠡᠯᠭᠡ | ᠪᠠ ᠤᠨᠤᠯ ᠤᠨ ᠲᠠᠶᠢᠯᠠᠮᠵᠢ ᠵᠢᠨᠬᠢᠴᠢᠶᠡᠯ ᠶᠢ ᠬᠢᠯᠬᠡᠵᠦ᠂ 2 ᠡᠳᠦᠷ ᠶᠢᠨ ᠪᠤᠳᠠᠲᠠᠢ ᠦᠢᠯᠡᠳᠦᠯᠭᠡ ᠶᠢᠨ ᠬᠢᠴᠢᠶᠡᠯ ᠲᠤ | ᠤᠷᠤᠯᠴᠢᠭᠤᠯᠵᠤ᠂ ᠢᠴᠢᠭᠡᠯ ᠦᠷ᠎ᠡ ᠶᠢ ᠰᠢᠯᠭᠠᠬᠤ᠂ ᠦᠨᠢᠶᠡᠨ ᠤ ᠤᠷᠤᠭ᠎ᠠ ᠶᠢ ᠰᠢᠯᠭᠠᠨ ᠲᠤᠭᠳᠠᠬᠤ᠂ ᠦᠨᠢᠶᠡᠨ | ᠳᠤ ᠢᠴᠢᠭᠡᠯ ᠦᠷ᠎ᠡ ᠶᠢ ᠲᠤᠭᠳᠠᠭᠰᠠᠨ ᠴᠠᠭ ᠬᠤᠭᠤᠴᠠᠭᠠᠨ ᠳᠤᠨᠢ ᠳᠠᠮᠵᠢᠭᠤᠯᠬᠤ ᠵᠡᠷᠭᠡ ᠭᠠᠷ ᠬᠡᠭᠡᠯᠳᠦᠭᠦᠯᠭᠡ ᠶᠢᠨ | ᠦᠨᠳᠦᠰᠦᠨ ᠮᠡᠳᠡᠯᠭᠡ ᠤᠳ ᠢ ᠨᠠᠷᠢᠨ ᠡᠵᠡᠮᠰᠢᠭᠦᠯᠵᠦ᠂ ᠪᠤᠳᠠᠲᠠᠢ ᠦᠢᠯᠡᠳᠦᠯᠭᠡ ᠳᠤ ᠪᠡᠶ᠎ᠡ ᠪᠠᠷ ᠨᠢ ᠤᠷᠤᠯᠴᠠᠭᠤᠯᠵᠤ | ᠂ ᠰᠤᠷᠤᠯᠭ᠎ᠠ ᠪᠤᠯᠪᠠᠰᠤᠷᠠᠯ ᠶᠢᠨ ᠴᠢᠨᠠᠷ ᠴᠢᠨᠰᠠᠭ᠎ᠠ ᠶᠢ ᠪᠠᠳᠤᠳᠬᠠᠵᠦ ᠴᠢᠳᠠᠵᠠᠢ᠃ ᠡᠨᠡᠬᠦ 3 ᠡᠳᠦᠷ ᠤᠨ ᠰᠤᠷᠤᠯᠭ᠎ᠠ | ᠪᠤᠯᠪᠠᠰᠤᠷᠠᠯ ᠢᠶᠠᠷ ᠳᠠᠮᠵᠢᠭᠠᠳ ᠡᠳᠡᠭᠡᠷ ᠵᠠᠯᠠᠭᠤᠴᠤᠳ ᠤᠨ ᠢᠴᠢᠭᠡᠯ ᠦᠷ᠎ᠡ ᠶᠢᠨ ᠬᠡᠭᠡᠯᠳᠦᠭᠦᠯᠭᠡ ᠶᠢᠨ ᠠᠵᠢᠯ ᠲᠠᠯ᠎ᠠ | ᠪᠠᠷ ᠬᠢ ᠤᠯᠤᠯᠲᠠ ᠮᠠᠰᠢ ᠬᠦᠨᠵᠡᠭᠡᠢ ᠪᠤᠯᠵᠤ᠂ ᠮᠡᠳᠡᠯᠭᠡ ᠮᠡᠷᠭᠡᠰᠢᠯ ᠨᠢ ᠮᠠᠰᠢ ᠳᠦᠷᠭᠡᠨ ᠡᠵᠡᠮᠰᠢᠵᠦ᠂ ᠭᠠᠴᠠᠭ᠎ᠠ | ᠨᠢᠭᠡᠴᠡ ᠳᠡᠭᠡᠨ ᠬᠠᠷᠢᠭᠰᠠᠨ ᠤ ᠳᠠᠷᠠᠭ᠎ᠠ ᠦᠪᠡᠷ ᠦᠪᠡᠷ ᠤᠨ ᠦᠬᠡᠷ ᠰᠦᠷᠦᠭ ᠳᠡᠭᠡᠨ ᠢᠴᠢᠭᠡᠯ ᠦᠷ᠎ᠡ ᠶᠢᠨ | ᠬᠡᠭᠡᠯᠳᠦᠭᠦᠯᠭᠡ ᠬᠢᠵᠦ᠂ ᠦᠨᠳᠦᠷ ᠦᠷ᠎ᠡ ᠠᠰᠢᠭᠳᠤ ᠮᠠᠯ ᠠᠵᠤ ᠠᠬᠤᠢ ᠶᠢ ᠬᠦᠭᠵᠢᠭᠦᠯᠬᠦ ᠲᠠᠯ᠎ᠠ ᠪᠠᠷ ᠦᠪᠡᠷ ᠶᠢᠨ | ᠬᠡᠰᠡᠨ ᠬᠤᠪᠢ ᠨᠡᠮᠡᠷᠢ ᠪᠠᠨ ᠭᠠᠷᠭᠠᠬᠤ ᠢᠳᠡᠭᠡᠯ ᠵᠤᠷᠢᠭ ᠳᠡᠭᠦᠯᠳᠡᠷ ᠪᠠᠶᠢᠯ᠎ᠠ᠃ |