ᠵᠢᠷ ᠤᠨ ᠭᠤᠣᠯ ᠪᠠᠯᠭᠠᠰᠣᠨ ᠤ ᠪᠠᠶᠠᠩᠭᠤᠣᠯ ᠭᠠᠴᠠᠭᠠᠨ ᠤ ᠡᠮᠡᠭᠲᠡᠶᠢᠴᠦᠳ ᠤᠨ ᠬᠤᠯᠪᠤᠭᠠᠲᠤ ᠬᠤᠷᠠᠯ ᠮᠠᠯᠴᠢᠨ | ᠪᠥᠰᠡᠭᠦᠶᠢᠴᠣᠳ ᠤᠨ ᠤᠷ᠎ᠠ ᠮᠡᠷᠭᠡᠵᠢᠯ ᠤᠨ ᠪᠣᠯᠪᠠᠰᠣᠷᠠᠯ ᠡᠷᠬᠢᠯᠡᠪᠡ | | ᠣᠶᠢᠷ᠎ᠠ ᠶᠢᠨ ᠡᠳᠦᠷ᠂ ᠵᠢᠷ ᠦᠨᠭᠤᠣᠯ ᠪᠠᠯᠭᠠᠰᠣᠨ ᠤ ᠪᠠᠶᠠᠩᠭᠤᠣᠯ ᠭᠠᠴᠠᠭᠠᠨ ᠤ ᠡᠮᠡᠭᠲᠡᠶᠢᠴᠦᠳ ᠤᠨ | ᠬᠤᠯᠪᠤᠭᠠᠲᠤ ᠬᠤᠷᠠᠯ ᠨᠢ ᠪᠥᠬᠦ ᠭᠠᠴᠠᠭᠠᠨ ᠤ ᠪᠠᠨ ᠡᠮᠡᠭᠲᠡᠶᠢᠴᠦᠳ ᠢ ᠵᠤᠬᠢᠶᠠᠨ ᠪᠠᠶᠢᠭᠤᠯᠣᠨ ᠢᠰᠡᠭᠡᠢ ᠣᠷᠠᠯᠠᠯ ᠤᠨ | ᠪᠣᠯᠪᠠᠰᠣᠷᠠᠯ ᠡᠷᠬᠢᠯᠡᠪᠡ ᠃ | ᠪᠣᠯᠪᠠᠰᠣᠷᠠᠯ ᠳᠤ᠂ ᠲᠣᠰ ᠭᠠᠴᠠᠭᠠᠨ ᠤ ᠪᠠᠨ ᠣᠷᠠᠨ ᠣᠶᠤᠳᠠᠯᠴᠢᠨ ᠶᠢᠨ ᠬᠤᠸᠠ ᠶᠢ ᠣᠷᠢᠵᠣ᠂ ᠢᠰᠡᠭᠡᠢ | ᠤᠷᠠᠯᠠᠯ ᠤᠨ ᠪᠤᠭᠴᠣ ᠵᠡᠷᠭᠡ ᠡᠳ᠋ᠯᠡᠯ ᠬᠡᠷᠡᠭᠰᠡᠯ ᠢ ᠣᠷᠠᠯᠠᠵᠤ ᠣᠶᠤᠬᠤ ᠲᠣᠬᠠᠢ ᠬᠢᠴᠢᠶᠡᠯᠯᠡᠭᠡ ᠬᠢᠯᠭᠡᠵᠦ᠂ | ᠲᠤᠬᠠᠢ ᠶᠢᠨ ᠲᠠᠯᠠᠪᠠᠢ ᠳᠤ ᠨᠣᠣᠰᠣ ᠵᠣᠯᠠᠵᠤ᠂ ᠢᠰᠡᠭᠡᠢ ᠮᠠᠲ᠋ᠧᠷᠢᠶᠠᠯ ᠬᠢᠬᠦ᠂ ᠵᠢᠷᠣᠵᠤ ᠲᠥᠯᠦᠪᠯᠡᠬᠦ᠂ ᠡᠰᠭᠡᠬᠦ᠂ | ᠤᠶᠤᠬᠤ ᠵᠡᠷᠭᠡ ᠲᠠᠯ᠎ᠠ ᠶᠢᠨ ᠤᠷ᠎ᠠ ᠮᠡᠷᠭᠡᠵᠢᠯ ᠤᠨ ᠪᠣᠯᠪᠠᠰᠣᠷᠠᠯ ᠬᠢᠵᠦ᠂ ᠭᠠᠷ ᠦᠵᠦᠭᠦᠷ ᠬᠡᠷᠡᠭᠯᠡᠳᠡᠭ ᠪᠣᠭᠴᠣ | ᠵᠡᠷᠭᠡ ᠵᠠᠰᠠᠯ ᠵᠡᠮᠰᠡᠭ᠂ ᠬᠡᠷᠡᠭᠯᠡᠭᠡᠨ ᠤ ᠪᠣᠳᠠᠰ ᠢ ᠢᠰᠡᠭᠡᠢ ᠪᠠᠷ ᠣᠶᠤᠵᠤ ᠪᠦᠲᠦᠭᠡᠬᠦ ᠪᠣᠲᠠᠲᠤ ᠪᠣᠯᠪᠠᠰᠣᠷᠠᠯ | ᠬᠥᠷᠲᠡᠭᠡᠭᠰᠡᠨ ᠪᠠᠶᠢᠨ᠎ᠠ ᠃ ᠲᠣᠰ ᠭᠠᠴᠠᠭᠠᠨ ᠤ ᠦᠢᠯᠡ ᠤᠶᠤᠳᠠᠯ ᠳᠤ ᠳᠤᠷ᠎ᠠ ᠪᠠᠭ᠋ᠠᠲᠠᠢ ᠬᠤᠷᠢ ᠭᠠᠷᠣᠢ | ᠪᠥᠰᠡᠭᠦᠶᠢᠴᠣᠳ ᠪᠣᠯᠪᠠᠰᠣᠷᠠᠯ ᠳᠤ ᠤᠷᠤᠯᠴᠠᠵᠠᠢ ᠃ |