ᠡᠷᠳᠡᠨᠢᠪᠤᠯᠠᠭ ᠭᠠᠴᠠᠭᠠᠨ ᠤ ᠭᠤᠣᠯ ᠰᠡᠳᠦᠪᠲᠦ ᠠᠵᠢᠯᠯᠠᠭ᠎ᠠ ᠬᠥᠭᠵᠢᠶᠡᠨᠲᠡᠢ ᠶᠠᠪᠤᠭᠳᠠᠪᠠ | | 5 ᠰᠠᠷ᠎ᠠ ᠶᠢᠨ13 ᠤ ᠡᠳᠦᠷ᠂ ᠪᠠᠶᠠᠩᠬᠤᠸᠠ ᠪᠠᠯᠭᠠᠰᠣᠨ ᠤ ᠡᠷᠳᠡᠨᠢᠪᠤᠯᠠᠭ ᠭᠠᠴᠠᠭᠠᠨ ᠤ ᠨᠠᠮ ᠤᠨ | ᠭᠡᠰᠢᠭᠦᠨ ᠭᠤᠣᠯᠳᠠᠯᠭᠠᠲᠣ ᠡᠷᠥᠬᠡ ᠲᠥᠮᠡᠨᠪᠠᠶᠠᠷ᠂ ᠰᠡᠷᠡᠩᠨᠠᠮᠵᠢᠯ᠂ ᠣᠳᠬᠠᠨᠪᠠᠶᠠᠷ᠂ ᠮᠠᠩᠯᠠᠢ ᠨᠠᠷ ᠭᠠᠴᠠᠭᠠᠨ ᠤ ᠪᠠᠨ | ᠣᠷᠠᠯᠢᠭᠴᠢᠨ ᠵᠠᠯᠠᠭᠤᠴᠣᠳ ᠪᠣᠯᠣᠨ ᠮᠠᠯᠴᠢᠳ ᠢᠶᠠᠨ ᠵᠣᠬᠢᠶᠠᠨ ᠪᠠᠶᠢᠭᠤᠯᠵᠤ᠂ ᠬᠤᠰᠢᠭᠤ ᠳᠤᠲᠤᠭᠠᠲᠤ ᠶᠢ | ᠬᠠᠮᠠᠭᠠᠯᠠᠬᠤ ᠲᠤᠪᠴᠢᠶᠠᠨ ᠤ ᠣᠯᠠᠭᠠᠨᠮᠦ᠋ᠴᠢᠷ ᠤᠨ ᠲᠤᠬᠤᠨᠢᠭᠤᠯᠭ᠎ᠠ ᠶᠢᠨ ᠲᠤᠭᠯᠠᠯᠲᠠ ᠲᠠᠢ ᠣᠶᠠᠯᠳᠣᠭᠤᠯᠣᠨ᠂ | ᠨᠠᠮ ᠤᠨ ᠭᠡᠰᠢᠭᠦᠨ ᠭᠤᠣᠯᠳᠠᠯᠭᠠᠲᠤ ᠡᠷᠥᠬᠡ ᠶᠢᠨ ᠣᠯᠠᠷᠢᠯ ᠤᠨ ᠭᠤᠣᠯ ᠰᠡᠳᠦᠪᠲᠦ ᠠᠵᠢᠯᠯᠠᠭ᠎ᠠ ᠥᠷᠨᠢᠭᠦᠯᠪᠡ᠃ | ᠠᠵᠢᠯᠯᠠᠭᠠᠨ ᠳᠤ᠂ ᠳᠣᠲᠣᠭᠠᠳᠣ ᠶᠢ ᠬᠠᠮᠠᠭᠠᠯᠠᠬᠤ ᠲᠣᠪᠴᠢᠶᠠᠨ ᠤ ᠴᠠᠭᠳᠠᠭ᠎ᠠ ᠪᠣᠯᠣᠨ ᠮᠠᠯᠴᠢᠨ ᠣᠷᠠᠯᠢᠭᠴᠢᠳ | ᠬᠠᠮᠲᠤᠷᠠᠨ᠂ ᠳᠠᠭᠤᠤ᠂ ᠰᠢᠯᠥᠭ᠂ ᠬᠤᠱᠣᠩ ᠵᠥᠴᠦᠭᠡ ᠵᠡᠷᠭᠡ ᠲᠣᠭᠯᠠᠯᠲᠠ ᠪᠠᠷ ᠢᠶᠠᠨ ᠦᠵᠡᠭᠴᠢ ᠣᠯᠠᠨ ᠢᠶᠠᠨ | ᠪᠠᠶᠠᠰᠬᠠᠵᠤ᠂ ᠳᠠᠭᠠᠣ ᠳᠤ ᠨᠢ ᠬᠤᠣᠷ ᠴᠠᠭᠠᠵᠠᠯᠠᠬᠤ᠂ ᠮᠡᠬᠡᠯᠡᠯ ᠢ ᠰᠡᠷᠭᠡᠶᠢᠯᠡᠬᠦ ᠲᠣᠬᠠᠢ ᠬᠠᠣᠯᠢ ᠶᠢᠨ ᠮᠡᠳᠡᠯᠭᠡ ᠶᠢ | ᠣᠬᠠᠭᠤᠯᠵᠣ᠂ ᠴᠠᠭᠳᠠᠭ᠎ᠠ ᠠᠷᠠᠳ ᠰᠡᠳᠭᠢᠯ ᠨᠢᠭᠡᠳᠦᠨ ᠬᠠᠤᠯᠢ ᠪᠣᠰᠤ ᠠᠵᠢᠯᠯᠠᠭ᠎ᠠ ᠶᠢ ᠡᠰᠡᠷᠭᠦᠴᠡᠵᠦ᠂ ᠡᠶ᠎ᠡ | ᠵᠣᠬᠢᠴᠠᠯ ᠲᠠᠢ ᠪᠣᠯᠪᠠᠰᠣᠨ ᠨᠡᠶᠢᠭᠡᠮ ᠢ ᠪᠠᠶᠢᠭᠤᠯᠬᠤ ᠶᠢ ᠰᠣᠷᠲᠠᠯᠴᠢᠯᠠᠭᠰᠠᠨ ᠬᠥᠷ ᠬᠥᠭᠵᠢᠶᠡᠨᠲᠡᠢ ᠮᠦᠷᠲᠡᠭᠡᠨ | ᠣᠬᠠᠮᠰᠠᠷ ᠲᠠᠨᠢᠯᠲᠠ ᠪᠠᠨ ᠳᠡᠭᠡᠭᠰᠢᠯᠡᠭᠦᠯᠦᠭᠰᠡᠨ ᠤᠳᠬ᠎ᠠ ᠠᠭᠤᠯᠭ᠎ᠠ ᠲᠠᠢ ᠠᠵᠢᠯᠯᠠᠭ᠎ᠠ ᠪᠣᠯᠣᠭᠰᠠᠨ ᠪᠠᠶᠢᠨ᠎ᠠ᠃ |