ᠨᠢᠬᠡ ᠲᠤᠭᠤᠯ  ᠬᠤᠶᠠᠷ  ᠤᠨᠠᠭᠠᠨ ᠤ ᠦᠷᠳᠡᠭ ᠲᠠᠢ ᠪᠤᠯᠤᠯ᠎ᠠ
ᠨᠡᠶᠢᠲᠡᠯᠡᠭᠰᠡᠨ ᠴᠠᠭ᠄
2023/5/4
              ᠨᠢᠬᠡ ᠲᠤᠭᠤᠯ  ᠬᠤᠶᠠᠷ  ᠤᠨᠠᠭᠠᠨ ᠤ ᠦᠷᠳᠡᠭ ᠲᠠᠢ ᠪᠤᠯᠤᠯ᠎ᠠ                                                 ᠴᠠᠭ ᠦᠶ᠎ᠠ ᠶᠢᠨ ᠭᠦᠭᠵᠢᠯᠳᠠ   ᠨᠢ ᠮᠠᠯᠴᠢᠳ   ᠲᠤ  ᠰᠢᠨ᠎ᠠ ᠱᠠᠭᠠᠷᠳᠠᠯᠭ᠎ᠠ᠂ ᠰᠢᠨ᠎ᠠ ᠦᠷᠢᠰᠣᠯᠳᠣᠬᠡᠨ  ᠠᠪᠴᠢᠷᠠᠵᠦ᠂ ᠰᠢᠨᠵᠢᠯᠡᠭᠡ ᠮᠠᠷᠬᠡᠵᠢᠯ ᠤᠨ ᠲᠠᠪᠰᠢᠯᠳᠠ ᠨᠢ ᠮᠠᠯᠴᠢᠳ ᠤᠨ ᠰᠢᠨ᠎ᠠ ᠮᠠᠯᠵᠢᠯ ᠤᠨ ᠠᠷᠭ᠎ᠠ ᠮᠠᠶ᠋ᠢᠭ ᠢ ᠰᠦᠪᠡᠭᠴᠢᠯᠠᠨ᠂ ᠭᠦᠳᠠᠯᠮᠤᠷᠢ ᠬᠦᠴᠦ ᠶᠢ ᠵᠤᠬᠢᠬᠤ ᠬᠡᠮᠵᠢᠶᠠᠨ ᠳᠤ  ᠴᠢᠯᠤᠬᠡᠯᠡᠬᠦ ᠳᠤ ᠲᠦᠬᠦᠮ ᠲᠦᠳᠠ ᠨᠦᠬᠦᠴᠠᠯ ᠪᠤᠯᠤᠮᠵᠢ  ᠶᠢ ᠪᠦᠷᠢᠯᠳᠣᠬᠦᠯᠦᠨ ᠦᠭᠭᠦᠭᠰᠠᠨ ᠶᠤᠮ᠃     ᠤᠯᠠᠭᠠᠨᠬᠠᠭᠠᠯᠭ᠎ᠠ ᠰᠣᠮᠤᠨ ᠤ  ᠰᠠᠷᠡᠭᠤᠯᠳᠣᠶᠠᠭ᠎ᠠ ᠭᠠᠴᠠᠭᠠᠨ ᠤ ᠮᠠᠯᠴᠢᠨ  ᠪᠦᠷᠢᠨᠪᠠᠶᠠᠷ ᠴᠤ  ᠲᠥᠷᠥ ᠶᠢᠨ  ᠪᠤᠳᠤᠯᠭ᠎ᠠ ᠶᠢᠨ  ᠤᠷᠢᠶᠠᠯᠠᠭ᠎ᠠ ᠵᠢ‌ᠢᠳᠡᠪᠬᠢᠲᠡᠶ ᠳᠠᠭᠠᠵᠤ᠂ ᠰᠠᠨᠠᠭᠠᠴᠢᠯᠠᠭ᠎ᠠ ᠠᠴᠠ ᠪᠠᠨ ᠮᠠᠯ ᠰᠦᠷᠦᠭ ᠤᠨ ᠪᠦᠲᠦᠴᠡ ᠪᠠᠨ ᠲᠣᠬᠢᠷᠠᠭᠤᠯᠵᠤ᠂ ᠮᠠᠯ ᠤᠨ ᠡᠭᠦᠯᠳᠡᠷ ᠢᠶᠠᠨ ᠰᠢᠯᠢᠳᠡᠭᠵᠢᠭᠦᠯᠵᠤ᠂ ᠨᠠᠷᠢᠯᠢᠭ ᠪᠥᠭᠡᠳ ᠴᠥᠭᠡᠨ ᠮᠠᠯᠵᠢᠬᠤ ᠵᠠᠮ ᠢᠶᠠᠷ ᠵᠠᠮᠨᠠᠵᠤ᠂  ᠠᠳᠣᠭᠤ ᠪᠠᠨ  ᠴᠥᠭᠡᠴᠢᠯᠡᠵᠦ   ᠰᠢᠮᠧᠨ᠋ᠲᠷ  ᠦᠬᠡᠷ ᠲᠡᠵᠢᠭᠡᠬᠦ ᠪᠤᠯᠵᠠᠢ᠃ 2018 ᠤᠨ ᠠᠴᠠ ᠡᠬᠢᠯᠠᠨ ᠪᠦᠷᠢᠨᠪᠠᠶᠠᠷ ᠡᠬᠦᠯᠳᠠᠷ ᠰᠠᠶᠢᠵᠢᠷᠠᠭᠤᠯᠬᠤ   ᠪᠠᠷ ᠵᠤᠷᠢᠭ ᠰᠢᠢᠳᠴᠦ᠂ 50 ᠭᠠᠷᠤᠢ ᠬᠡᠬᠦᠦ  ᠪᠤᠯᠤᠨ 200  ᠭᠠᠷᠤᠢ ᠬᠤᠨᠢ ᠪᠠᠨ ᠬᠤᠳᠠᠯᠳᠣᠵᠦ᠂ ᠵᠢᠯ ᠲᠠᠷᠠᠭᠠᠯᠠᠨ ᠲᠦᠩᠯᠢᠶᠤᠤ ᠬᠤᠳᠠ᠂ ᠬᠢᠷᠢᠨ ᠮᠤᠵᠢ ᠠᠴᠠ ᠰᠢᠯᠢᠳᠡᠭ ᠡᠬᠦᠯᠳᠠᠷ ᠤᠨ ᠰᠢᠮᠧᠨ᠋ᠲᠷ ᠦᠬᠡᠷ ᠤᠷᠤᠭᠤᠯᠤᠨ᠂  ᠮᠠᠯ ᠤᠨ ᠲᠤᠭ᠎ᠠ ᠲᠤᠯᠤᠭᠠᠢ   ᠪᠠᠨ  ᠪᠠᠭᠠᠰᠬᠠᠵᠦ᠂  ᠤᠳᠣᠬᠠᠨ ᠳᠤ 80 ᠲᠤᠯᠤᠭᠠᠢ ᠦᠬᠡᠷ ᠲᠠᠢ ᠪᠠ 200 ᠭᠠᠷᠤᠢ ᠬᠤᠨᠢ ᠪᠠᠨ 7000  ᠭᠠᠷᠤᠢ ᠮᠤ᠋ ᠨᠤᠳᠤᠭ ᠪᠠᠯᠴᠢᠬᠡᠷ ᠲᠡᠬᠡᠷ᠎ᠡ ᠪᠠᠨ ᠠᠷᠡᠴᠢᠯᠠᠨ ᠲᠠᠵᠢᠬᠡᠵᠦ᠂  ᠲᠡᠵᠢᠭᠡᠨ ᠦᠷᠡᠵᠢᠭᠦᠯᠬᠦ ᠥᠪᠡᠷ ᠤᠨ ᠥᠷᠲᠡᠭ ᠢᠶᠠᠨ ᠲᠤᠷᠤᠭᠰᠢᠯᠠᠭᠤᠯᠵᠦ᠂ ᠤᠷᠤᠯᠭ᠎ᠠ ᠪᠠᠨ ᠨᠡᠮᠡᠭᠳᠠᠬᠦᠯᠦᠨ᠂ ᠨᠢᠬᠡ ᠲᠤᠭᠤᠯ ᠬᠤᠶᠠᠷ ᠤᠨᠠᠭᠠᠨ ᠤ ᠦᠷᠳᠡᠭ ᠲᠠᠢ ᠪᠤᠯᠤᠯ᠎ᠠ ᠬᠡᠵᠦ ᠦᠪᠡᠷ ᠤᠨ ᠡᠬᠦᠯᠳᠠᠷ ᠰᠠᠶᠢᠵᠢᠷᠠᠭᠤᠯᠤᠭᠰᠠᠨ ᠰᠣᠩᠭᠤᠯᠳᠠ ᠳᠠᠭᠠᠨ ᠮᠠᠰᠢ ᠰᠠᠳᠬᠢᠯ ᠬᠠᠨᠤᠮᠵᠢᠳᠠᠢ ᠪᠠᠶᠢᠯ᠎ᠠ᠃      ᠰᠣᠷᠪᠤᠯᠵᠢᠯᠠᠭ᠎ᠠ  ᠄  ︽ᠮᠠᠯᠴᠢᠨ  ᠪᠦᠷᠢᠨᠪᠠᠶᠠᠷ  ᠦᠬᠡᠷ ᠤᠨ ᠡᠬᠦᠯᠳᠠᠷ ᠤᠭᠰᠠᠭ᠎ᠠ ᠨᠠᠩ ᠰᠠᠶᠢᠵᠢᠷᠠᠭᠤᠯᠬᠤ   ᠪᠠᠷ ᠲᠤᠰᠬᠠᠶᠢᠯᠠᠨ  ᠢᠴᠠᠬᠡᠯ ᠦᠷ᠎ᠠ ᠶᠢᠨ ᠬᠡᠬᠡᠯᠳᠣᠬᠦᠯᠬᠡ   ᠶᠢ ᠰᠣᠷᠴᠦ᠂ ᠦᠨᠢᠶᠠᠨ   ᠳᠡᠭᠡᠨ ᠭᠠᠷ ᠬᠡᠬᠡᠯᠳᠣᠬᠦᠯᠬᠡ ᠬᠢᠵᠦ ᠡᠬᠢᠯᠡᠭᠰᠠᠨ ᠮᠦᠷᠳᠠᠬᠡᠨ  ᠬᠤᠵᠢᠮ ᠳᠠᠭᠠᠨ ᠮᠠᠯ ᠤᠨ ᠲᠤᠭ᠎ᠠ ᠲᠤᠯᠤᠭᠠᠢ   ᠪᠠᠨ ᠴᠦᠬᠡᠳᠬᠡᠵᠦ  ᠂  ᠮᠠᠯᠵᠢᠯ ᠤᠨ ᠥᠷᠲᠡᠭ  ᠢᠶᠠᠨ  ᠲᠤᠷᠤᠭᠰᠢᠠᠭᠤᠯᠵᠦ᠂ ᠨᠤᠲᠤᠭ ᠪᠡᠯᠴᠢᠭᠡᠷ ᠤᠨ ᠤᠷᠭᠤᠯᠳᠠ ᠪᠠᠨ ᠰᠠᠶᠢᠵᠢᠷᠠᠭᠤᠯᠬᠤ ᠪᠠᠷ ᠲᠦᠯᠤᠪᠯᠠᠵᠦ᠂ ︽ᠬᠥᠬᠡᠮᠳᠦᠭ ᠨᠣᠭᠤᠭᠠᠨ ᠠᠭᠤᠯᠠ ᠤᠰᠤ ᠪᠣᠯ  ᠦᠨᠢᠳᠠ ᠶᠢᠨ ᠦᠪ︾ ᠭᠡᠬᠦ ᠶᠣᠰᠣ ᠶᠢ  ᠬᠦᠨ  ᠤᠬᠠᠭᠠᠷᠠᠵᠦ ᠶᠠᠪᠤᠨ᠎ᠠ︾ ᠭᠡᠯ᠎ᠡ᠃         ᠰᠣᠷᠪᠤᠯᠵᠢᠯᠠᠭ᠎ᠠ  ᠄ ︽ᠪᠦᠷᠢᠨᠪᠠᠶᠠᠷ ᠪᠤᠯ  ᠪᠠᠷᠠᠭᠤᠨ ᠦᠵᠦᠮᠦᠴᠢᠨ ᠬᠤᠰᠢᠭᠤᠨ ᠤ ᠮᠠᠯᠵᠢᠯ ᠤᠨ ᠠᠷᠭ᠎ᠠ ᠮᠠᠶ᠋ᠢᠭ  ᠢᠶᠠᠷ ᠰᠢᠨᠠᠴᠢᠯᠠᠨ ᠦᠬᠡᠷᠴᠢᠯᠠᠬᠦ ᠪᠠᠷ ᠰᠦᠪᠡᠭᠴᠢᠯᠠᠵᠦ ᠶᠠᠪᠤᠭ᠎ᠠ  ᠮᠠᠯᠴᠢᠳ ᠤᠨ  ᠬᠤᠷᠢᠶᠠᠩᠭᠤᠢ   ᠲᠦᠷᠬᠦ ᠪᠤᠯᠬᠤ ᠶᠤᠮ᠃  ᠦᠢᠷ᠎ᠡ ᠶᠢᠨ ᠵᠢᠯ ᠳᠤ ᠶᠠᠳᠠᠭᠤ ᠠᠴᠠ  ᠠᠩᠬᠢᠷᠠᠭᠤᠯᠵᠦ ᠪᠣᠭᠤᠮᠲᠠ ᠰᠢᠪᠲᠤᠯᠬᠤ  ᠪᠠ  ᠬᠥᠳᠡᠭᠡ  ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠵᠡᠷᠬᠡ‌ᠮᠠᠯᠵᠢᠬᠤ ᠣᠷᠣᠨ ᠤ  ᠣᠳᠣᠬᠢᠴᠢᠯᠠᠯᠲᠠ ᠵᠢᠨ‌ᠡᠯ᠎ᠡ  ᠵᠦᠢᠯ  ᠤᠨ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢᠨ ᠠᠬᠢᠭᠤᠯᠤᠯ ᠳᠤᠤᠷ᠎ᠠ᠂ ᠮᠠᠯᠵᠢᠬᠤ  ᠣᠷᠣᠨ ᠤ   ᠤᠳᠣᠬᠢᠴᠢᠯᠠᠭᠰᠠᠨ ᠪᠥᠲᠥᠭᠡᠨ ᠪᠠᠶᠢᠭᠤᠯᠤᠯᠲᠠ ᠲᠠᠰᠤᠷᠠᠯᠲᠠ ᠥᠬᠡᠶ ᠭᠦᠨᠵᠡᠭᠡᠶᠢᠷᠡᠨ᠂ ᠮᠠᠯᠴᠢᠳ ᠤᠨ  ᠦᠢᠯᠠᠳᠪᠤᠷᠢᠯᠠᠯ ᠠᠮᠢᠳᠤᠷᠠᠯ ᠤᠨ ᠨᠥᠬᠦᠴᠡᠯ  ᠪᠤᠯᠤᠮᠵᠢ ᠤᠯᠠᠮ  ᠰᠠᠶᠢᠵᠢᠷᠠᠭᠰᠠᠨ ᠢᠶᠠᠷ  ᠮᠠᠯᠴᠢᠳ ᠤᠨ ᠠᠮᠢ‌ᠠᠬᠤᠶ  ᠪᠠᠨ ᠬᠠᠮᠠᠭᠠᠯᠠᠬᠤ  ᠤᠬᠠᠮᠰᠠᠷ  ᠴᠤ  ᠨᠡᠶᠢᠳᠡᠮ ᠳᠤ ᠪᠠᠨ  ᠴᠢᠩᠭᠠᠷᠠᠵᠦ᠂  ᠮᠠᠯ ᠰᠦᠷᠦᠭ ‍ᠤᠨ‌‍ᠪᠦ᠋ᠲᠦᠴᠡ ᠳᠤ ᠪᠠᠨ ᠢᠳᠡᠪᠬᠢᠲᠡᠶ  ᠲᠣᠬᠢᠷᠠᠭᠤᠯᠤᠯᠲᠠ ᠬᠢᠵᠦ᠂ ᠰᠢᠨ᠎ᠠ  ᠴᠠᠭ ᠦᠶ᠎ᠠ ᠶᠢᠨ ᠰᠢᠨ᠎ᠠ ᠭᠦᠭᠵᠢᠯᠳᠠ ᠶᠢᠨ ᠵᠠᠮ ᠢᠶᠠᠷ ᠵᠠᠮᠨᠠᠬᠤ ᠪᠤᠯᠤᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号