ᠠᠷᠪᠢᠯᠠᠪᠠᠯ ᠠᠮᠢᠨ ᠳᠤ ᠲᠤᠰᠠ
ᠨᠡᠶᠢᠲᠡᠯᠡᠭᠰᠡᠨ ᠴᠠᠭ᠄
2023/12/29
                    ᠠᠷᠪᠢᠯᠠᠪᠠᠯ ᠠᠮᠢᠨ ᠳᠤ ᠲᠤᠰᠠ    ᠨᠡᠶᠢᠭᠡᠮ ᠠᠬᠤᠢ ᠬᠥᠭᠵᠢᠵᠦ ᠠᠮᠢᠳᠤᠷᠠᠯ ᠰᠠᠶᠢᠵᠢᠷᠠᠭᠰᠠᠨ ᠠᠴᠠ ᠬᠥᠮᠥᠰ ᠬᠤᠷᠢᠮ ᠨᠠᠶᠢᠷ ᠪᠦᠭᠦᠨ ᠢ ᠬᠤᠭᠤᠯᠠᠨ ᠭᠡᠷ ᠲᠤ ᠬᠢᠵᠦ ᠪᠠᠶᠢᠭ᠎ᠠ ᠨᠢ ᠨᠡᠶᠢᠳᠡᠮ  ᠤᠨ ᠦᠵᠡᠭᠳᠡᠯ ᠪᠣᠯᠤᠭᠰᠠᠨ ᠭᠡᠯᠲᠡᠢ᠃ ᠡᠨᠡ ᠨᠢ ᠬᠤᠷᠢᠮ ᠨᠠᠶᠢᠷ ᠬᠢᠭᠴᠢ  ᠳᠤ ᠶᠡᠬᠡᠳᠡ ᠲᠦᠭᠦᠮ ᠪᠣᠯᠪᠠ ᠭᠡᠶ᠎ᠡ ᠰᠢᠷᠡᠭᠡ ᠳᠦᠭᠦᠷᠡᠩ ᠭᠠᠷᠭᠠᠭᠰᠠᠨ ᠬᠠᠭᠤᠷᠤᠯᠭ᠎ᠠ ᠬᠠᠭᠠᠷᠢᠯᠭ᠎ᠠ  ᠠᠴᠠ ᠦᠯᠡᠳᠡᠭᠰᠡᠨ ᠬᠤᠭᠤᠯᠠ ᠵᠠᠭᠤᠰᠢ ᠡᠴᠦᠰ ᠲᠤ ᠪᠠᠨ ᠭᠡᠭᠡᠭᠳᠡᠵᠦ  ᠪᠠᠶᠢᠳᠠᠭ᠃ ᠡᠶᠢᠮᠦᠷᠬᠦᠦ ᠠᠮᠤ ᠪᠤᠳᠠᠭ᠎ᠠ ᠶᠢ ᠪᠦᠷᠢᠯᠭᠡᠨ ᠰᠦᠢᠳᠬᠡᠬᠦ ᠦᠵᠡᠭᠳᠡᠯ ᠬᠥᠮᠥᠨ‌ᠢ ᠰᠣᠴᠢᠭᠠᠮ᠎ᠠ ᠬᠡᠮᠵᠢᠶᠡᠨ ᠳᠤ ᠬᠦᠷᠴᠦ ᠪᠠᠶᠢᠭ᠎ᠠ ᠶᠢ ᠪᠢᠳᠡ ᠲᠤᠩᠭᠠᠨ ᠪᠤᠳᠤᠭᠤᠰᠢᠲᠠᠢ᠃     ︽ᠡᠮᠠᠨ  ᠳᠤ ᠣᠷᠣᠲᠠᠯ᠎ᠠ ᠠᠷᠪᠠᠨ ᠳᠠᠪᠠᠭ᠎ᠠ︾ ᠭᠡᠵᠦ ᠠᠮᠤ ᠪᠤᠳᠠᠭᠠᠨ  ᠤ ᠭᠢᠯᠪᠠᠷ ᠪᠤᠰᠤ ᠢᠷᠡᠯᠲᠡ ᠶᠢ ᠲᠤᠰᠬᠠᠭᠰᠠᠨ ᠪᠠᠶᠢᠳᠠᠭ᠃ ᠡᠶᠢᠨ ᠬᠦ ᠡᠬᠡ ᠡᠴᠢᠭᠡ ᠪᠣᠯᠣᠭᠰᠠᠳ ᠦᠷ᠎ᠡ ᠬᠡᠦᠬᠡᠳ  ᠢᠶᠠᠨ ᠬᠠᠷᠠᠬᠠᠨ ᠪᠠᠭ᠎ᠠ  ᠠᠴᠠ   ᠨᠢ ᠠᠷᠪᠢᠯᠠᠨ ᠭᠠᠮᠨᠠᠬᠤ ᠰᠠᠶᠢᠬᠠᠨ ᠳᠠᠳᠬᠠᠯ ᠲᠠᠢ ᠪᠣᠯᠭᠠᠨ ᠬᠥᠮᠥᠵᠢᠭᠦᠯᠬᠦ   ᠶᠢᠨ ᠲᠥᠯᠥᠭᠡ     ︽ᠠᠮᠤ ᠪᠤᠳᠠᠭ᠎ᠠ ᠪᠠᠨ ᠠᠰᠬᠠᠪᠠᠯ ᠠᠮᠠᠨ ᠬᠦᠨᠡᠰᠦ ᠴᠢᠨᠢ ᠠᠷᠢᠯᠤᠨ᠎ᠠ︾ ᠭᠡᠵᠦ ᠴᠡᠭᠡᠷᠯᠡᠭᠦᠯᠦᠨ ᠰᠤᠷᠭᠠᠳᠠᠭ᠂ ᠪᠠᠰᠠ ᠥᠪᠡᠷ  ᠤᠨ ᠪᠠ ᠪᠤᠰᠤᠳ  ᠤᠨ ᠭᠦᠳᠡᠯᠮᠣᠷᠢ  ᠶᠢ ᠬᠠᠶᠢᠷᠠᠯᠠᠬᠤ  ᠶᠢ ᠰᠠᠨᠠᠭᠠᠴᠢᠯᠠᠨ ︽ᠪᠤᠰᠤᠳ ᠤᠨ ᠲᠠᠷᠢᠶᠠᠨ ᠳᠤᠮᠳᠠᠭᠤᠷ ᠪᠢᠲᠡᠭᠡᠢ ᠶᠠᠪᠤ᠂ ᠠᠮᠠᠨ ᠬᠦᠨᠡᠰᠦ ᠴᠢᠨᠢ ᠬᠠᠰᠤᠭᠳᠠᠨ᠎ᠠ︾ ᠬᠡᠮᠡᠨ ᠣᠷᠭᠤᠭ᠎ᠠ ᠲᠠᠷᠢᠶ᠎ᠠ ᠶᠢ ᠰᠦᠢᠳᠬᠡᠬᠦ ᠶᠢ ᠴᠤ ᠴᠡᠭᠡᠷᠯᠡᠭᠦᠯᠳᠡᠭ᠃ ︽ᠡᠮᠠᠨ ᠬᠦᠨᠡᠰᠦ ᠠᠷᠢᠯᠪᠠᠯ ᠢᠳᠡᠬᠦ ᠪᠤᠳᠠᠭ᠎ᠠ ᠦᠭᠡᠢ ᠪᠣᠯᠣᠨ᠎ᠠ︾ ᠭᠡᠵᠦ ᠪᠣᠳᠣᠬᠤ ᠳᠤ ᠪᠠᠨ ᠪᠢᠳᠡ ᠠᠮᠤ ᠪᠤᠳᠠᠭ᠎ᠠ ᠪᠠᠨ ᠠᠰᠬᠠᠵᠤ ᠴᠢᠳᠬᠤᠬᠤ ᠠᠴᠠ ᠮᠠᠰᠢ ᠬᠢᠴᠢᠶᠡᠳᠡᠭ ᠪᠢᠯᠡ᠃     ᠠᠮᠤ ᠪᠤᠳᠠᠭ᠎ᠠ ᠶᠢ ᠠᠷᠪᠢᠯᠠᠬᠤ ᠨᠢ ᠭᠡᠷ  ᠤᠨ ᠬᠥᠮᠦᠵᠢᠯ  ᠤᠨ ᠴᠢᠬᠤᠯᠠ ᠠᠭᠤᠯᠭ᠎ᠠ ᠮᠥᠨ᠃ ︽ᠨᠢᠭᠡ ᠮᠥᠬᠦᠯᠢᠭ ᠪᠤᠳᠠᠭ᠎ᠠ ᠲᠡᠭᠷᠢ ᠳᠡᠭᠡᠷ᠎ᠡ ᠠᠴᠠ  ᠲᠡᠮᠡᠭᠡᠨ ᠶᠢᠨ ᠴᠢᠨᠡᠭᠡ ᠬᠠᠷᠠᠭᠳᠠᠨ᠎ᠠ︾᠂ ︽ᠡᠶᠠᠭᠠᠨ ᠳᠤ ᠪᠠᠨ ᠠᠮᠤ ᠪᠤᠳᠠᠭ᠎ᠠ ᠪᠠᠨ ᠦᠯᠡᠳᠡᠭᠡᠪᠡᠯ ᠠᠮᠠᠨ ᠬᠡᠰᠢᠭ ᠴᠢᠨᠢ ᠳᠠᠭᠠᠯᠳᠤᠨ ᠦᠯᠡᠳᠡᠨ᠎ᠡ︾ ᠭᠡᠵᠦ ᠠᠬᠠᠮᠠᠳ ᠲᠣᠮᠣᠭᠠᠲᠠᠳ  ᠤᠨ ᠴᠡᠭᠡᠷ ᠰᠤᠷᠭᠠᠯ ᠠᠴᠠ ᠪᠢᠳᠡ ᠠᠶᠠᠭᠠᠨ ᠤ ᠪᠠᠨ ᠭᠠᠳᠠᠨ᠎ᠠ ᠠᠰᠬᠠᠵᠤ ᠴᠢᠳᠬᠤᠯ ᠦᠭᠡᠢ᠂ ᠠᠶᠠᠭᠠᠨ ᠳᠣᠲᠣᠷ᠎ᠠ ᠪᠠᠨ ᠦᠯᠡᠳᠡᠭᠡᠵᠦ ᠣᠷᠬᠢᠭᠳᠠᠭᠤᠯᠤᠯ ᠦᠭᠡᠢ ᠪᠠᠷ ᠴᠡᠪᠡᠷ ᠰᠠᠶᠢᠬᠠᠨ ᠬᠤᠭᠤᠯᠠᠯᠠᠳᠠᠭ ᠵᠠᠩᠰᠢᠯ ᠲᠠᠢ ᠪᠣᠯᠤᠭᠰᠠᠨ᠃ ᠪᠣᠣᠪᠤ ᠪᠣᠭᠤᠷᠰᠤᠭ ᠢᠳᠡᠬᠦ  ᠳᠤ ᠦᠷᠦᠮᠡᠭ‌ ᠨᠢ ᠭᠠᠵᠠᠷ ᠤᠨᠠᠬᠤ ᠠᠴᠠ ᠬᠢᠴᠢᠶᠡᠵᠦ ᠨᠢᠭᠡ ᠭᠠᠷ  ᠢᠶᠠᠷ  ᠢᠶᠠᠨ ᠪᠠᠷᠢᠵᠤ ᠨᠦᠭᠦᠭᠡ ᠭᠠᠷ ᠢᠶᠠᠷ   ᠢᠶᠠᠨ ᠲᠣᠰᠴᠤ ᠢᠳᠡᠳᠡᠭ᠂ ᠭᠠᠵᠠᠷ  ᠲᠤ ᠤᠨᠠᠭᠰᠠᠨ ᠪᠣᠭᠤᠷᠰᠤᠭ  ᠢ ᠠᠷᠴᠢᠵᠤ ᠦᠯᠢᠶᠡᠵᠦ ᠴᠡᠪᠡᠷᠯᠡᠭᠡᠳ ᠢᠳᠡᠵᠦ ᠪᠣᠯᠳᠠᠭ ᠪᠣᠯ ᠢᠳᠡᠨ᠎ᠡ᠂ ᠢᠳᠡᠵᠦ ᠪᠣᠯᠬᠤ ᠦᠭᠡᠢ ᠪᠣᠯ ᠲᠠᠭᠢᠶ᠎ᠠ ᠨᠣᠬᠠᠢ  ᠳᠤ ᠥᠭᠭᠦᠨ᠎ᠡ᠃  ᠭᠠᠵᠠᠷ  ᠲᠤ ᠤᠨᠠᠭᠰᠠᠨ ᠪᠤᠳᠠᠭᠠᠨ ᠳᠡᠭᠡᠭᠦᠷ ᠠᠯᠬᠤᠵᠤ ᠭᠢᠰᠬᠢᠬᠦ ᠶᠢ ᠴᠡᠭᠡᠷᠯᠡᠳᠡᠭ ᠪᠥᠭᠡᠳ ᠭᠤᠯᠢᠷ ᠤᠨ ᠲᠠᠭᠠᠷᠴᠤᠭ   ᠢ  ᠭᠦᠪᠢᠬᠦ   ᠳᠤ   ᠪᠠᠨ ᠡᠪᠡᠰᠦᠨ ᠳᠡᠭᠡᠷ᠎ᠡ ᠭᠦᠪᠢᠳᠡᠭ᠃     ᠠᠷᠪᠢᠯᠠᠨ ᠭᠠᠮᠨᠠᠬᠤ ᠪᠣᠯ ᠠᠮᠢᠳᠤᠷᠠᠯ  ᠢᠶᠠᠨ ᠥᠭᠡᠳᠡ  ᠲᠠᠢ ᠥᠩᠭᠡ ᠲᠠᠢ ᠠᠪᠴᠤ ᠶᠠᠪᠤᠬᠤ ᠶᠢᠨ ᠨᠢᠭᠡᠨ ᠴᠢᠬᠤᠯᠠ ᠵᠣᠷ ᠮᠥᠨ᠃ ᠦᠢᠯᠨ ᠵᠤᠪᠠᠯᠠᠩ ᠢᠶᠠᠨ ᠦᠵᠡᠵᠦ ᠬᠤᠭᠰᠢᠭᠤᠯᠤᠭᠰᠠᠨ ᠡᠳ᠋ ᠮᠥᠩᠭᠦ ᠪᠠᠨ ᠠᠷᠪᠢᠯᠠᠵᠤ ᠡᠳ᠋ᠯᠡᠬᠦ ᠨᠢ ᠬᠥᠮᠥᠰ  ᠤᠨ ᠠᠮᠢᠳᠤᠷᠠᠬᠤᠢ  ᠶᠢᠨ ᠣᠪᠣᠷ ᠪᠠᠶᠢᠵᠤ ᠳᠠᠭᠠᠷᠠᠨ᠎ᠠ᠃ ᠡᠴᠢᠭᠡ ᠡᠬᠡ ᠪᠣᠯᠣᠭᠰᠠᠳ ᠦᠷ᠎ᠡ ᠬᠡᠦᠬᠡᠳ ᠲᠤ ᠪᠠᠨ ᠠᠷᠪᠢᠯᠠᠨ ᠭᠠᠮᠨᠠᠬᠤ  ᠶᠢᠨ ᠤᠴᠢᠷ ᠤᠬᠠᠭᠠᠨ  ᠢ ᠬᠠᠷᠠᠬᠠᠨ ᠪᠠᠭ᠎ᠠ ᠠᠴᠠ   ᠨᠢ ᠵᠢᠭᠠᠵᠤ ᠰᠤᠷᠭᠠᠬᠤ ᠨᠢ ᠴᠢᠬᠤᠯᠠ ᠠᠴᠠ ᠴᠢᠬᠤᠯᠠ᠃  ᠪᠠᠭ᠎ᠠ ᠪᠠᠶᠢᠬᠤ ᠳᠤ ᠡᠵᠢ ᠮᠢᠨᠢ᠄ ︽ᠨᠢᠭᠡ ᠠᠶᠢᠯ  ᠤᠨ ᠡᠵᠡᠭᠲᠡᠢ ᠡᠳᠦᠷ ᠪᠦᠷᠢ ᠬᠤᠭᠤᠯᠠ ᠪᠤᠳᠠᠭ᠎ᠠ ᠬᠢᠬᠦ  ᠳᠤ ᠪᠠᠨ ᠪᠤᠳᠠᠭᠠᠨ  ᠤ ᠪᠠᠨ ᠳᠡᠭᠡᠵᠢ ᠠᠴᠠ ᠨᠢᠭᠡ ᠴᠢᠮᠬᠢ ᠠᠪᠴᠤ ᠥᠭᠡᠷ᠎ᠡ ᠨᠢᠭᠡ ᠲᠠᠭᠠᠷᠴᠤᠭ ᠲᠤ ᠬᠢᠵᠦ ᠲᠠᠯᠪᠢᠳᠠᠭ᠃ ᠲᠡᠭᠡᠭᠡᠳ ᠨᠡᠯᠢᠶᠡᠳ ᠡᠳᠦᠷ ᠬᠤᠨᠤᠭ ᠥᠩᠭᠡᠷᠡᠭᠡᠳ ᠲᠣᠮᠣ ᠤᠭᠤᠲᠠ  ᠲᠠᠢ ᠪᠤᠳᠠᠭ᠎ᠠ ᠨᠢ ᠢᠳᠡᠵᠦ ᠪᠠᠷᠠᠬᠤ  ᠳᠤ ᠥᠨᠥᠬᠢ ᠴᠢᠮᠬᠢ ᠴᠢᠮᠬᠢ ᠪᠠᠷ ᠬᠠᠳᠠᠭᠠᠯᠠᠵᠤ ᠪᠠᠶᠢᠭᠰᠠᠨ ᠪᠤᠳᠠᠭ᠎ᠠ ᠪᠠᠨ ᠭᠠᠷᠭᠠᠭᠠᠳ ᠢᠳᠡᠳᠡᠭ ᠪᠠᠶᠢᠵᠠᠢ︾ ᠭᠡᠵᠦ ᠦᠯᠢᠭᠡᠷᠯᠡᠨ ᠶᠠᠷᠢᠵᠤ᠂ ᠨᠠᠳᠠ  ᠳᠤ ᠠᠮᠤ ᠪᠤᠳᠠᠭ᠎ᠠ‌ ᠶᠢ ᠬᠡᠮᠵᠢᠶ᠎ᠡ ᠲᠣᠮᠵᠢᠶ᠎ᠠ ᠲᠠᠢ ᠬᠢᠵᠦ ᠢᠳᠡᠬᠦ ᠶᠢ ᠰᠠᠨᠠᠭᠤᠯᠵᠤ ᠬᠥᠮᠥᠵᠢᠭᠦᠯᠦᠭᠰᠡᠨ ᠪᠠᠶᠢᠳᠠᠭ᠃ ᠡᠨᠡ ᠨᠢ ᠨᠠᠳᠠ‌ ᠳᠤ ︽ᠡᠷᠪᠢᠯᠠᠪᠠᠯ ᠠᠮᠢᠨ  ᠳᠤ ᠲᠤᠰᠠ︾ ᠭᠡᠳᠡᠭ ᠤᠬᠠᠭᠠᠨ‌ᠢ ᠲᠠᠨᠢᠭᠤᠯᠤᠭᠰᠠᠨ ᠪᠥᠭᠡᠳ ᠬᠤᠭᠤᠯᠠ ᠪᠤᠳᠠᠭ᠎ᠠ  ᠶᠢ ᠬᠡᠮᠵᠢᠶ᠎ᠡ ᠲᠠᠢ ᠬᠢᠵᠦ ᠢᠳᠡᠬᠦ ᠳᠠᠳᠬᠠᠯ  ᠢ ᠪᠦᠷᠢᠯᠳᠦᠭᠦᠯᠬᠦ  ᠳᠤ ᠲᠤᠰᠠ ᠪᠣᠯᠤᠭᠰᠠᠨ ᠶᠤᠮ᠃     ︽ᠡᠷᠪᠢᠯᠠᠬᠤ  ᠶᠢ ᠠᠮᠠᠰᠠᠷ ᠠᠴᠠ   ᠨᠢ᠂ ᠠᠰᠬᠠᠬᠤ  ᠶᠢ ᠢᠷᠤᠭᠠᠷ ᠠᠴᠠ   ᠨᠢ︾ ᠭᠡᠳᠡᠭ᠃ ᠡᠳ᠋ ᠶᠠᠭᠤᠮ᠎ᠠ ᠪᠠᠨ ᠪᠠᠶᠢᠭᠰᠠᠨ ᠴᠠᠭ ᠠᠴᠠ ᠨᠢ ᠡᠬᠢᠯᠡᠨ ᠠᠷᠪᠢᠯᠠᠬᠤ   ᠨᠢ ᠤᠬᠠᠭᠠᠨᠲᠤ ᠬᠥᠮᠥᠰ  ᠤᠨ ᠮᠡᠷᠭᠡᠨ ᠬᠢᠳᠡᠯ    ᠪᠢᠯᠡ᠃ ᠮᠥᠩᠭᠦ  ᠶᠢ ᠵᠠᠷᠤᠵᠤ ᠰᠣᠷᠣᠨ᠎ᠠ ᠭᠡᠳᠡᠭ ᠣᠯᠬᠤ ᠠᠴᠠ  ᠪᠠᠨ ᠳᠤᠲᠠᠭᠤ ᠦᠭᠡᠢ ᠤᠷ᠎ᠠ ᠤᠬᠠᠭᠠᠨ ᠣᠷᠣᠨ᠎ᠠ᠃ ︽ᠮᠥᠩᠭᠦ  ᠶᠢ ᠣᠯᠣᠭᠰᠠᠨ ᠬᠥᠮᠥᠨ  ᠢᠶᠠᠷ ᠨᠢ ᠡᠳ᠋ᠯᠡᠭᠦᠯ᠂ ᠲᠦᠯᠡᠭᠡ  ᠶᠢ ᠡᠭᠦᠷᠦᠭᠰᠡᠨ ᠬᠥᠮᠥᠨ   ᠢᠶᠠᠷ ᠨᠢ ᠲᠦᠯᠡᠭᠦᠯ︾ ᠭᠡᠰᠡᠨ ᠦᠭᠡ ᠪᠠᠶᠢᠳᠠᠭ᠃ ᠣᠯᠣᠭᠰᠠᠨ ᠶᠠᠭᠤᠮ᠎ᠠ ᠬᠡᠵᠢᠶᠡᠳᠡ ᠪᠠᠷᠠᠭᠳᠠᠬᠤ ᠦᠭᠡᠢ ᠭᠡᠵᠦ ᠬᠡᠨ ᠴᠤ ᠬᠡᠯᠡᠵᠦ ᠴᠢᠳᠠᠬᠤ ᠦᠭᠡᠢ᠂ ᠴᠤᠭᠯᠠᠭᠤᠯᠵᠤ ᠬᠤᠭᠰᠢᠭᠤᠯᠤᠭᠰᠠᠨ  ᠢᠶᠠᠨ ᠲᠠᠯᠠᠭᠠᠷ ᠦᠷᠡᠬᠦ ᠶᠢ ᠴᠡᠭᠡᠷᠯᠡᠵᠦ᠂ ᠠᠷᠪᠢᠯᠠᠵᠤ ᠭᠠᠮᠨᠠᠵᠤ ᠶᠠᠪᠤᠭᠠᠷᠠᠢ ᠬᠥᠮᠥᠰ ᠠ᠋᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号