ᠠᠷᠪᠢᠯᠠᠪᠠᠯ ᠠᠮᠢᠨ ᠳᠤ ᠲᠤᠰᠠ | | ᠨᠡᠶᠢᠭᠡᠮ ᠠᠬᠤᠢ ᠬᠥᠭᠵᠢᠵᠦ ᠠᠮᠢᠳᠤᠷᠠᠯ ᠰᠠᠶᠢᠵᠢᠷᠠᠭᠰᠠᠨ ᠠᠴᠠ ᠬᠥᠮᠥᠰ ᠬᠤᠷᠢᠮ ᠨᠠᠶᠢᠷ ᠪᠦᠭᠦᠨ ᠢ ᠬᠤᠭᠤᠯᠠᠨ | ᠭᠡᠷ ᠲᠤ ᠬᠢᠵᠦ ᠪᠠᠶᠢᠭ᠎ᠠ ᠨᠢ ᠨᠡᠶᠢᠳᠡᠮ ᠤᠨ ᠦᠵᠡᠭᠳᠡᠯ ᠪᠣᠯᠤᠭᠰᠠᠨ ᠭᠡᠯᠲᠡᠢ᠃ ᠡᠨᠡ ᠨᠢ ᠬᠤᠷᠢᠮ ᠨᠠᠶᠢᠷ ᠬᠢᠭᠴᠢ | ᠳᠤ ᠶᠡᠬᠡᠳᠡ ᠲᠦᠭᠦᠮ ᠪᠣᠯᠪᠠ ᠭᠡᠶ᠎ᠡ ᠰᠢᠷᠡᠭᠡ ᠳᠦᠭᠦᠷᠡᠩ ᠭᠠᠷᠭᠠᠭᠰᠠᠨ ᠬᠠᠭᠤᠷᠤᠯᠭ᠎ᠠ ᠬᠠᠭᠠᠷᠢᠯᠭ᠎ᠠ ᠠᠴᠠ | ᠦᠯᠡᠳᠡᠭᠰᠡᠨ ᠬᠤᠭᠤᠯᠠ ᠵᠠᠭᠤᠰᠢ ᠡᠴᠦᠰ ᠲᠤ ᠪᠠᠨ ᠭᠡᠭᠡᠭᠳᠡᠵᠦ ᠪᠠᠶᠢᠳᠠᠭ᠃ ᠡᠶᠢᠮᠦᠷᠬᠦᠦ ᠠᠮᠤ ᠪᠤᠳᠠᠭ᠎ᠠ ᠶᠢ | ᠪᠦᠷᠢᠯᠭᠡᠨ ᠰᠦᠢᠳᠬᠡᠬᠦ ᠦᠵᠡᠭᠳᠡᠯ ᠬᠥᠮᠥᠨᠢ ᠰᠣᠴᠢᠭᠠᠮ᠎ᠠ ᠬᠡᠮᠵᠢᠶᠡᠨ ᠳᠤ ᠬᠦᠷᠴᠦ ᠪᠠᠶᠢᠭ᠎ᠠ ᠶᠢ ᠪᠢᠳᠡ | ᠲᠤᠩᠭᠠᠨ ᠪᠤᠳᠤᠭᠤᠰᠢᠲᠠᠢ᠃ ︽ᠡᠮᠠᠨ ᠳᠤ ᠣᠷᠣᠲᠠᠯ᠎ᠠ ᠠᠷᠪᠠᠨ ᠳᠠᠪᠠᠭ᠎ᠠ︾ ᠭᠡᠵᠦ ᠠᠮᠤ ᠪᠤᠳᠠᠭᠠᠨ ᠤ ᠭᠢᠯᠪᠠᠷ | ᠪᠤᠰᠤ ᠢᠷᠡᠯᠲᠡ ᠶᠢ ᠲᠤᠰᠬᠠᠭᠰᠠᠨ ᠪᠠᠶᠢᠳᠠᠭ᠃ ᠡᠶᠢᠨ ᠬᠦ ᠡᠬᠡ ᠡᠴᠢᠭᠡ ᠪᠣᠯᠣᠭᠰᠠᠳ ᠦᠷ᠎ᠡ ᠬᠡᠦᠬᠡᠳ ᠢᠶᠠᠨ | ᠬᠠᠷᠠᠬᠠᠨ ᠪᠠᠭ᠎ᠠ ᠠᠴᠠ ᠨᠢ ᠠᠷᠪᠢᠯᠠᠨ ᠭᠠᠮᠨᠠᠬᠤ ᠰᠠᠶᠢᠬᠠᠨ ᠳᠠᠳᠬᠠᠯ ᠲᠠᠢ ᠪᠣᠯᠭᠠᠨ ᠬᠥᠮᠥᠵᠢᠭᠦᠯᠬᠦ ᠶᠢᠨ ᠲᠥᠯᠥᠭᠡ | ︽ᠠᠮᠤ ᠪᠤᠳᠠᠭ᠎ᠠ ᠪᠠᠨ ᠠᠰᠬᠠᠪᠠᠯ ᠠᠮᠠᠨ ᠬᠦᠨᠡᠰᠦ ᠴᠢᠨᠢ ᠠᠷᠢᠯᠤᠨ᠎ᠠ︾ ᠭᠡᠵᠦ ᠴᠡᠭᠡᠷᠯᠡᠭᠦᠯᠦᠨ ᠰᠤᠷᠭᠠᠳᠠᠭ᠂ | ᠪᠠᠰᠠ ᠥᠪᠡᠷ ᠤᠨ ᠪᠠ ᠪᠤᠰᠤᠳ ᠤᠨ ᠭᠦᠳᠡᠯᠮᠣᠷᠢ ᠶᠢ ᠬᠠᠶᠢᠷᠠᠯᠠᠬᠤ ᠶᠢ ᠰᠠᠨᠠᠭᠠᠴᠢᠯᠠᠨ ︽ᠪᠤᠰᠤᠳ ᠤᠨ ᠲᠠᠷᠢᠶᠠᠨ | ᠳᠤᠮᠳᠠᠭᠤᠷ ᠪᠢᠲᠡᠭᠡᠢ ᠶᠠᠪᠤ᠂ ᠠᠮᠠᠨ ᠬᠦᠨᠡᠰᠦ ᠴᠢᠨᠢ ᠬᠠᠰᠤᠭᠳᠠᠨ᠎ᠠ︾ ᠬᠡᠮᠡᠨ ᠣᠷᠭᠤᠭ᠎ᠠ ᠲᠠᠷᠢᠶ᠎ᠠ ᠶᠢ ᠰᠦᠢᠳᠬᠡᠬᠦ ᠶᠢ | ᠴᠤ ᠴᠡᠭᠡᠷᠯᠡᠭᠦᠯᠳᠡᠭ᠃ ︽ᠡᠮᠠᠨ ᠬᠦᠨᠡᠰᠦ ᠠᠷᠢᠯᠪᠠᠯ ᠢᠳᠡᠬᠦ ᠪᠤᠳᠠᠭ᠎ᠠ ᠦᠭᠡᠢ ᠪᠣᠯᠣᠨ᠎ᠠ︾ ᠭᠡᠵᠦ ᠪᠣᠳᠣᠬᠤ ᠳᠤ ᠪᠠᠨ | ᠪᠢᠳᠡ ᠠᠮᠤ ᠪᠤᠳᠠᠭ᠎ᠠ ᠪᠠᠨ ᠠᠰᠬᠠᠵᠤ ᠴᠢᠳᠬᠤᠬᠤ ᠠᠴᠠ ᠮᠠᠰᠢ ᠬᠢᠴᠢᠶᠡᠳᠡᠭ ᠪᠢᠯᠡ᠃ ᠠᠮᠤ ᠪᠤᠳᠠᠭ᠎ᠠ ᠶᠢ | ᠠᠷᠪᠢᠯᠠᠬᠤ ᠨᠢ ᠭᠡᠷ ᠤᠨ ᠬᠥᠮᠦᠵᠢᠯ ᠤᠨ ᠴᠢᠬᠤᠯᠠ ᠠᠭᠤᠯᠭ᠎ᠠ ᠮᠥᠨ᠃ ︽ᠨᠢᠭᠡ ᠮᠥᠬᠦᠯᠢᠭ ᠪᠤᠳᠠᠭ᠎ᠠ ᠲᠡᠭᠷᠢ | ᠳᠡᠭᠡᠷ᠎ᠡ ᠠᠴᠠ ᠲᠡᠮᠡᠭᠡᠨ ᠶᠢᠨ ᠴᠢᠨᠡᠭᠡ ᠬᠠᠷᠠᠭᠳᠠᠨ᠎ᠠ︾᠂ ︽ᠡᠶᠠᠭᠠᠨ ᠳᠤ ᠪᠠᠨ ᠠᠮᠤ ᠪᠤᠳᠠᠭ᠎ᠠ ᠪᠠᠨ ᠦᠯᠡᠳᠡᠭᠡᠪᠡᠯ | ᠠᠮᠠᠨ ᠬᠡᠰᠢᠭ ᠴᠢᠨᠢ ᠳᠠᠭᠠᠯᠳᠤᠨ ᠦᠯᠡᠳᠡᠨ᠎ᠡ︾ ᠭᠡᠵᠦ ᠠᠬᠠᠮᠠᠳ ᠲᠣᠮᠣᠭᠠᠲᠠᠳ ᠤᠨ ᠴᠡᠭᠡᠷ ᠰᠤᠷᠭᠠᠯ ᠠᠴᠠ ᠪᠢᠳᠡ | ᠠᠶᠠᠭᠠᠨ ᠤ ᠪᠠᠨ ᠭᠠᠳᠠᠨ᠎ᠠ ᠠᠰᠬᠠᠵᠤ ᠴᠢᠳᠬᠤᠯ ᠦᠭᠡᠢ᠂ ᠠᠶᠠᠭᠠᠨ ᠳᠣᠲᠣᠷ᠎ᠠ ᠪᠠᠨ ᠦᠯᠡᠳᠡᠭᠡᠵᠦ ᠣᠷᠬᠢᠭᠳᠠᠭᠤᠯᠤᠯ | ᠦᠭᠡᠢ ᠪᠠᠷ ᠴᠡᠪᠡᠷ ᠰᠠᠶᠢᠬᠠᠨ ᠬᠤᠭᠤᠯᠠᠯᠠᠳᠠᠭ ᠵᠠᠩᠰᠢᠯ ᠲᠠᠢ ᠪᠣᠯᠤᠭᠰᠠᠨ᠃ ᠪᠣᠣᠪᠤ ᠪᠣᠭᠤᠷᠰᠤᠭ ᠢᠳᠡᠬᠦ ᠳᠤ | ᠦᠷᠦᠮᠡᠭ ᠨᠢ ᠭᠠᠵᠠᠷ ᠤᠨᠠᠬᠤ ᠠᠴᠠ ᠬᠢᠴᠢᠶᠡᠵᠦ ᠨᠢᠭᠡ ᠭᠠᠷ ᠢᠶᠠᠷ ᠢᠶᠠᠨ ᠪᠠᠷᠢᠵᠤ ᠨᠦᠭᠦᠭᠡ ᠭᠠᠷ ᠢᠶᠠᠷ ᠢᠶᠠᠨ | ᠲᠣᠰᠴᠤ ᠢᠳᠡᠳᠡᠭ᠂ ᠭᠠᠵᠠᠷ ᠲᠤ ᠤᠨᠠᠭᠰᠠᠨ ᠪᠣᠭᠤᠷᠰᠤᠭ ᠢ ᠠᠷᠴᠢᠵᠤ ᠦᠯᠢᠶᠡᠵᠦ ᠴᠡᠪᠡᠷᠯᠡᠭᠡᠳ ᠢᠳᠡᠵᠦ ᠪᠣᠯᠳᠠᠭ | ᠪᠣᠯ ᠢᠳᠡᠨ᠎ᠡ᠂ ᠢᠳᠡᠵᠦ ᠪᠣᠯᠬᠤ ᠦᠭᠡᠢ ᠪᠣᠯ ᠲᠠᠭᠢᠶ᠎ᠠ ᠨᠣᠬᠠᠢ ᠳᠤ ᠥᠭᠭᠦᠨ᠎ᠡ᠃ ᠭᠠᠵᠠᠷ ᠲᠤ ᠤᠨᠠᠭᠰᠠᠨ | ᠪᠤᠳᠠᠭᠠᠨ ᠳᠡᠭᠡᠭᠦᠷ ᠠᠯᠬᠤᠵᠤ ᠭᠢᠰᠬᠢᠬᠦ ᠶᠢ ᠴᠡᠭᠡᠷᠯᠡᠳᠡᠭ ᠪᠥᠭᠡᠳ ᠭᠤᠯᠢᠷ ᠤᠨ ᠲᠠᠭᠠᠷᠴᠤᠭ ᠢ ᠭᠦᠪᠢᠬᠦ ᠳᠤ | ᠪᠠᠨ ᠡᠪᠡᠰᠦᠨ ᠳᠡᠭᠡᠷ᠎ᠡ ᠭᠦᠪᠢᠳᠡᠭ᠃ ᠠᠷᠪᠢᠯᠠᠨ ᠭᠠᠮᠨᠠᠬᠤ ᠪᠣᠯ ᠠᠮᠢᠳᠤᠷᠠᠯ ᠢᠶᠠᠨ ᠥᠭᠡᠳᠡ ᠲᠠᠢ | ᠥᠩᠭᠡ ᠲᠠᠢ ᠠᠪᠴᠤ ᠶᠠᠪᠤᠬᠤ ᠶᠢᠨ ᠨᠢᠭᠡᠨ ᠴᠢᠬᠤᠯᠠ ᠵᠣᠷ ᠮᠥᠨ᠃ ᠦᠢᠯᠨ ᠵᠤᠪᠠᠯᠠᠩ ᠢᠶᠠᠨ ᠦᠵᠡᠵᠦ | ᠬᠤᠭᠰᠢᠭᠤᠯᠤᠭᠰᠠᠨ ᠡᠳ᠋ ᠮᠥᠩᠭᠦ ᠪᠠᠨ ᠠᠷᠪᠢᠯᠠᠵᠤ ᠡᠳ᠋ᠯᠡᠬᠦ ᠨᠢ ᠬᠥᠮᠥᠰ ᠤᠨ ᠠᠮᠢᠳᠤᠷᠠᠬᠤᠢ ᠶᠢᠨ ᠣᠪᠣᠷ ᠪᠠᠶᠢᠵᠤ | ᠳᠠᠭᠠᠷᠠᠨ᠎ᠠ᠃ ᠡᠴᠢᠭᠡ ᠡᠬᠡ ᠪᠣᠯᠣᠭᠰᠠᠳ ᠦᠷ᠎ᠡ ᠬᠡᠦᠬᠡᠳ ᠲᠤ ᠪᠠᠨ ᠠᠷᠪᠢᠯᠠᠨ ᠭᠠᠮᠨᠠᠬᠤ ᠶᠢᠨ ᠤᠴᠢᠷ ᠤᠬᠠᠭᠠᠨ ᠢ | ᠬᠠᠷᠠᠬᠠᠨ ᠪᠠᠭ᠎ᠠ ᠠᠴᠠ ᠨᠢ ᠵᠢᠭᠠᠵᠤ ᠰᠤᠷᠭᠠᠬᠤ ᠨᠢ ᠴᠢᠬᠤᠯᠠ ᠠᠴᠠ ᠴᠢᠬᠤᠯᠠ᠃ ᠪᠠᠭ᠎ᠠ ᠪᠠᠶᠢᠬᠤ ᠳᠤ ᠡᠵᠢ ᠮᠢᠨᠢ᠄ | ︽ᠨᠢᠭᠡ ᠠᠶᠢᠯ ᠤᠨ ᠡᠵᠡᠭᠲᠡᠢ ᠡᠳᠦᠷ ᠪᠦᠷᠢ ᠬᠤᠭᠤᠯᠠ ᠪᠤᠳᠠᠭ᠎ᠠ ᠬᠢᠬᠦ ᠳᠤ ᠪᠠᠨ ᠪᠤᠳᠠᠭᠠᠨ ᠤ ᠪᠠᠨ ᠳᠡᠭᠡᠵᠢ ᠠᠴᠠ | ᠨᠢᠭᠡ ᠴᠢᠮᠬᠢ ᠠᠪᠴᠤ ᠥᠭᠡᠷ᠎ᠡ ᠨᠢᠭᠡ ᠲᠠᠭᠠᠷᠴᠤᠭ ᠲᠤ ᠬᠢᠵᠦ ᠲᠠᠯᠪᠢᠳᠠᠭ᠃ ᠲᠡᠭᠡᠭᠡᠳ ᠨᠡᠯᠢᠶᠡᠳ ᠡᠳᠦᠷ ᠬᠤᠨᠤᠭ | ᠥᠩᠭᠡᠷᠡᠭᠡᠳ ᠲᠣᠮᠣ ᠤᠭᠤᠲᠠ ᠲᠠᠢ ᠪᠤᠳᠠᠭ᠎ᠠ ᠨᠢ ᠢᠳᠡᠵᠦ ᠪᠠᠷᠠᠬᠤ ᠳᠤ ᠥᠨᠥᠬᠢ ᠴᠢᠮᠬᠢ ᠴᠢᠮᠬᠢ ᠪᠠᠷ | ᠬᠠᠳᠠᠭᠠᠯᠠᠵᠤ ᠪᠠᠶᠢᠭᠰᠠᠨ ᠪᠤᠳᠠᠭ᠎ᠠ ᠪᠠᠨ ᠭᠠᠷᠭᠠᠭᠠᠳ ᠢᠳᠡᠳᠡᠭ ᠪᠠᠶᠢᠵᠠᠢ︾ ᠭᠡᠵᠦ ᠦᠯᠢᠭᠡᠷᠯᠡᠨ ᠶᠠᠷᠢᠵᠤ᠂ ᠨᠠᠳᠠ | ᠳᠤ ᠠᠮᠤ ᠪᠤᠳᠠᠭ᠎ᠠ ᠶᠢ ᠬᠡᠮᠵᠢᠶ᠎ᠡ ᠲᠣᠮᠵᠢᠶ᠎ᠠ ᠲᠠᠢ ᠬᠢᠵᠦ ᠢᠳᠡᠬᠦ ᠶᠢ ᠰᠠᠨᠠᠭᠤᠯᠵᠤ ᠬᠥᠮᠥᠵᠢᠭᠦᠯᠦᠭᠰᠡᠨ ᠪᠠᠶᠢᠳᠠᠭ᠃ | ᠡᠨᠡ ᠨᠢ ᠨᠠᠳᠠ ᠳᠤ ︽ᠡᠷᠪᠢᠯᠠᠪᠠᠯ ᠠᠮᠢᠨ ᠳᠤ ᠲᠤᠰᠠ︾ ᠭᠡᠳᠡᠭ ᠤᠬᠠᠭᠠᠨᠢ ᠲᠠᠨᠢᠭᠤᠯᠤᠭᠰᠠᠨ ᠪᠥᠭᠡᠳ | ᠬᠤᠭᠤᠯᠠ ᠪᠤᠳᠠᠭ᠎ᠠ ᠶᠢ ᠬᠡᠮᠵᠢᠶ᠎ᠡ ᠲᠠᠢ ᠬᠢᠵᠦ ᠢᠳᠡᠬᠦ ᠳᠠᠳᠬᠠᠯ ᠢ ᠪᠦᠷᠢᠯᠳᠦᠭᠦᠯᠬᠦ ᠳᠤ ᠲᠤᠰᠠ ᠪᠣᠯᠤᠭᠰᠠᠨ ᠶᠤᠮ᠃ | ︽ᠡᠷᠪᠢᠯᠠᠬᠤ ᠶᠢ ᠠᠮᠠᠰᠠᠷ ᠠᠴᠠ ᠨᠢ᠂ ᠠᠰᠬᠠᠬᠤ ᠶᠢ ᠢᠷᠤᠭᠠᠷ ᠠᠴᠠ ᠨᠢ︾ ᠭᠡᠳᠡᠭ᠃ ᠡᠳ᠋ | ᠶᠠᠭᠤᠮ᠎ᠠ ᠪᠠᠨ ᠪᠠᠶᠢᠭᠰᠠᠨ ᠴᠠᠭ ᠠᠴᠠ ᠨᠢ ᠡᠬᠢᠯᠡᠨ ᠠᠷᠪᠢᠯᠠᠬᠤ ᠨᠢ ᠤᠬᠠᠭᠠᠨᠲᠤ ᠬᠥᠮᠥᠰ ᠤᠨ ᠮᠡᠷᠭᠡᠨ ᠬᠢᠳᠡᠯ | ᠪᠢᠯᠡ᠃ ᠮᠥᠩᠭᠦ ᠶᠢ ᠵᠠᠷᠤᠵᠤ ᠰᠣᠷᠣᠨ᠎ᠠ ᠭᠡᠳᠡᠭ ᠣᠯᠬᠤ ᠠᠴᠠ ᠪᠠᠨ ᠳᠤᠲᠠᠭᠤ ᠦᠭᠡᠢ ᠤᠷ᠎ᠠ ᠤᠬᠠᠭᠠᠨ ᠣᠷᠣᠨ᠎ᠠ᠃ | ︽ᠮᠥᠩᠭᠦ ᠶᠢ ᠣᠯᠣᠭᠰᠠᠨ ᠬᠥᠮᠥᠨ ᠢᠶᠠᠷ ᠨᠢ ᠡᠳ᠋ᠯᠡᠭᠦᠯ᠂ ᠲᠦᠯᠡᠭᠡ ᠶᠢ ᠡᠭᠦᠷᠦᠭᠰᠡᠨ ᠬᠥᠮᠥᠨ ᠢᠶᠠᠷ ᠨᠢ | ᠲᠦᠯᠡᠭᠦᠯ︾ ᠭᠡᠰᠡᠨ ᠦᠭᠡ ᠪᠠᠶᠢᠳᠠᠭ᠃ ᠣᠯᠣᠭᠰᠠᠨ ᠶᠠᠭᠤᠮ᠎ᠠ ᠬᠡᠵᠢᠶᠡᠳᠡ ᠪᠠᠷᠠᠭᠳᠠᠬᠤ ᠦᠭᠡᠢ ᠭᠡᠵᠦ ᠬᠡᠨ ᠴᠤ | ᠬᠡᠯᠡᠵᠦ ᠴᠢᠳᠠᠬᠤ ᠦᠭᠡᠢ᠂ ᠴᠤᠭᠯᠠᠭᠤᠯᠵᠤ ᠬᠤᠭᠰᠢᠭᠤᠯᠤᠭᠰᠠᠨ ᠢᠶᠠᠨ ᠲᠠᠯᠠᠭᠠᠷ ᠦᠷᠡᠬᠦ ᠶᠢ ᠴᠡᠭᠡᠷᠯᠡᠵᠦ᠂ | ᠠᠷᠪᠢᠯᠠᠵᠤ ᠭᠠᠮᠨᠠᠵᠤ ᠶᠠᠪᠤᠭᠠᠷᠠᠢ ᠬᠥᠮᠥᠰ ᠠ᠋᠃ | | |