ᠮᠠᠯ ᠲᠡᠵᠢᠭᠡᠪᠦᠷᠢ ᠶᠢᠨ ᠪᠠᠭᠠᠰᠤ ᠠᠯᠳᠠᠬᠤ ᠭᠡᠮ ᠢ ᠵᠠᠰᠠᠬᠤ ᠮᠠᠯ ᠲᠡᠵᠢᠭᠡᠪᠦᠷᠢ ᠶᠢᠨ ᠪᠠᠭᠠᠰᠤ ᠠᠯᠳᠠᠬᠤ | ᠭᠡᠮ ᠢ ᠵᠠᠰᠠᠬᠤ | | 1. ᠬᠠᠳᠠᠭᠠᠭᠰᠠᠨ ᠴᠠᠭᠠᠨ ᠯᠤᠤᠪᠠᠩ᠂ ᠭᠠ᠂ ᠡᠯᠡᠰᠦᠨ ᠰᠢᠬᠢᠷ ᠭᠤᠷᠪᠠ ᠶᠢ ᠠᠳᠠᠯᠢ ᠬᠡᠮᠵᠢᠶ᠎ᠡ ᠪᠠᠷ ᠠᠪᠴᠤ | ᠲᠠᠯᠠᠭᠳᠤᠭᠰᠠᠨ ᠤ ᠰᠡᠭᠦᠯᠡᠷ ᠦᠨᠢᠶᠡᠨ ᠤ ᠰᠢᠨ᠎ᠡ ᠰᠦ ᠳᠤ ᠬᠢᠵᠦ ᠴᠢᠨᠠᠭᠠᠳ ᠪᠦᠯᠢᠶᠡᠨ ᠪᠤᠯᠭᠠᠵᠤ ᠭᠡᠮᠨᠡᠭᠰᠡᠨ ᠮᠠᠯ ᠳᠤ | ᠤᠤᠭᠤᠯᠭᠠᠨ᠎ᠠ᠃ | 2. ᠮᠠᠯ ᠬᠠᠯᠠᠭᠤᠨ ᠪᠤᠶᠤ ᠬᠦᠢᠲᠡᠨ ᠴᠢᠨᠠᠷᠲᠠᠢ ᠪᠠᠷ ᠪᠠᠭᠠᠰᠤ ᠠᠯᠳᠠᠪᠠᠯ ᠪᠢᠲᠡᠭᠦᠮᠵᠢᠯᠡᠨ ᠲᠦᠯᠡᠭᠰᠡᠨ | ᠪᠥᠷᠥᠭᠷᠤᠢ ᠶᠢᠨ ᠲᠠᠯ 3g᠂ ᠼᠥᠷᠭᠠᠷ 15g ᠢ ᠨᠡᠶᠢᠯᠡᠭᠦᠯᠵᠦ ᠨᠠᠷᠢᠨ ᠲᠠᠯᠠᠭᠳᠤᠭᠰᠠᠨ ᠤ ᠲᠠᠷᠠᠭ᠎ᠠ ᠲᠤᠲᠤᠷᠭ᠎ᠠ | ᠪᠤᠳᠠᠭᠠᠨ ᠤ ᠰᠥᠮᠥᠰᠤ ᠪᠠᠷ ᠰᠢᠩᠭᠡᠷᠡᠭᠦᠯᠵᠦ ᠤᠤᠭᠤᠯᠭᠠᠨ᠎ᠠ᠃ 3. ᠨᠠᠷᠢᠮᠤ 250g᠂ ᠭᠠᠭ᠋ᠠᠢ ᠶᠢᠨ ᠴᠢᠰᠤ | 200g᠂ ᠬᠥᠮᠥᠨ ᠤ ᠦᠰᠦ ᠨᠢᠭᠡ ᠠᠳᠬᠤ᠂ ᠤᠯᠠᠭᠠᠨ ᠴᠢᠪᠠᠭ᠎ᠠ 250g᠂ ᠵᠦᠷᠵᠢ ᠶᠢᠨ ᠬᠠᠯᠢᠰᠤ 150g ᠢ | ᠨᠡᠶᠢᠯᠡᠭᠦᠯᠦᠨ ᠰᠢᠲᠠᠭᠠᠵᠤ ᠬᠡᠦᠷᠰᠢᠭᠦᠯᠦᠭᠰᠡᠨ ᠤ ᠲᠠᠷᠠᠭ᠎ᠠ ᠲᠠᠯᠠᠭᠳᠤᠭᠠᠳ ᠳᠡᠭᠡᠷ᠎ᠡ ᠨᠢ ᠪᠠᠰᠠ 100g ᠪᠤᠷᠠᠮ ᠬᠢᠵᠦ | ᠪᠤᠴᠠᠯᠤᠭᠰᠠᠨ ᠤᠰᠤ ᠪᠠᠷ ᠰᠢᠩᠭᠡᠯᠡᠭᠡᠳ ᠭᠡᠮ ᠲᠠᠢ ᠮᠠᠯ ᠳᠤ ᠪᠦᠯᠢᠶᠡᠨ ᠢᠶᠠᠷ ᠤᠤᠭᠤᠯᠭᠠᠨ᠎ᠠ᠃ |