ᠥᠪᠡᠷ ᠢ ᠪᠠᠨ ᠰᠢᠯᠢᠳᠡᠭ ᠪᠠᠶᠢᠯᠭᠠᠬᠤ ᠡᠷᠳᠡᠮ
ᠨᠡᠶᠢᠲᠡᠯᠡᠭᠰᠡᠨ ᠴᠠᠭ᠄
2023/12/19
              ᠥᠪᠡᠷ ᠢ ᠪᠠᠨ ᠰᠢᠯᠢᠳᠡᠭ ᠪᠠᠶᠢᠯᠭᠠᠬᠤ ᠡᠷᠳᠡᠮ     ᠲᠣᠳᠣᠷᠬᠠᠢ ᠬᠠᠷᠠᠯᠲᠠ ᠲᠠᠢ ᠪᠠᠶᠢᠬᠤ᠃ ᠬᠠᠷᠠᠯᠲᠠ ᠲᠣᠳᠣᠷᠬᠠᠢ ᠬᠥᠮᠥᠨ ᠤᠷᠤᠭᠰᠢᠯᠠᠬᠤ ᠵᠠᠮ ᠳᠠᠭᠠᠨ ᠨᠡᠩ   ᠢᠯᠡᠭᠦᠦ ᠮᠡᠳᠡᠷᠡᠮᠵᠢ ᠲᠠᠢ ᠪᠠᠶᠢᠳᠠᠭ᠃ ᠥᠪᠡᠷᠲᠡᠭᠡᠨ ᠦᠨ᠎ᠡ ᠥᠷᠲᠡᠭ ᠲᠠᠢ ᠮᠥᠷᠲᠡᠭᠡᠨ ᠪᠡᠶᠡᠯᠡᠭᠦᠯᠵᠦ ᠳᠡᠶᠢᠯᠬᠦ   ᠬᠠᠷᠠᠯᠲᠠ ᠲᠣᠭᠲᠠᠭᠠᠵᠤ᠂ ᠪᠣᠳᠠᠲᠠᠢ ᠠᠵᠢᠯᠯᠠᠭ᠎ᠠ ᠪᠠᠷ ᠢᠶᠠᠨ ᠳᠠᠮᠵᠢᠨ ᠪᠡᠶᠡᠯᠡᠭᠦᠯᠪᠡᠯ᠂ ᠲᠠᠨ ᠳᠤ  ᠬᠠᠷᠠᠯᠲᠠ ᠪᠠᠨ   ᠬᠥᠭᠡᠭᠡᠴᠡᠯᠳᠦᠬᠦ  ᠶᠠᠪᠤᠴᠠ  ᠎ ᠳᠤ ᠠᠪᠴᠢᠷᠠᠭᠰᠠᠨ ᠵᠣᠯ ᠵᠢᠷᠭᠠᠯᠲᠤ ᠪᠥᠭᠡᠳ ᠠᠮᠵᠢᠯᠲᠠ ᠪᠦᠲᠦᠮᠵᠢ ᠲᠠᠢ ᠮᠡᠳᠡᠷᠡᠮᠵᠢ   ᠲᠥᠷᠥᠭᠳᠡᠳᠡᠭ᠃                                   ᠰᠠᠨᠠᠭ᠎ᠠ ᠰᠡᠳᠬᠢᠯ᠂ ᠠᠭᠠᠰᠢ ᠵᠠᠩ ᠢᠶᠠᠨ ᠲᠣᠬᠢᠷᠠᠭᠤᠯᠵᠤ ᠳᠡᠶᠢᠯᠬᠦ᠃ ᠬᠡᠨ ᠳᠤ ᠴᠦ ᠠᠭᠤᠷ ᠪᠤᠬᠢᠨᠢᠳᠤᠯ  ᠲᠠᠢ  ᠦᠶ᠎ᠡ ᠪᠠᠶᠢᠳᠠᠭ᠃ ᠪᠢᠳᠡᠨ ᠤ ᠬᠢᠬᠦ ᠴᠢᠬᠤᠯᠠᠲᠠᠢ ᠠᠵᠢᠯ ᠪᠣᠯ ᠳᠠᠷᠤᠢ ᠰᠡᠳᠬᠢᠯ ᠰᠠᠨᠠᠭ᠎ᠠ ᠪᠠᠨ ᠡᠵᠡᠮᠳᠡᠨ᠂ ᠠᠭᠤᠷ  ᠪᠤᠬᠢᠨᠢᠳᠤᠯ ᠢᠶᠠᠨ ᠳᠠᠷᠤᠵᠤ᠂ ᠤᠷᠮ᠎ᠠ ᠰᠡᠳᠬᠢᠯᠭᠡ ᠪᠠᠨ ᠰᠡᠷᠭᠦᠭᠡᠬᠦ ᠶᠠᠪᠤᠳᠠᠯ ᠪᠣᠯᠣᠨ᠎ᠠ᠃                                ᠶᠠᠭᠤᠮ᠎ᠠ ᠰᠤᠷᠬᠤ ᠬᠦᠰᠡᠯ ᠵᠣᠷᠢᠯᠲᠠ ᠲᠠᠢ ᠪᠠᠶᠢᠬᠤ᠃ ᠶᠠᠭᠤᠮ᠎ᠠ ᠰᠤᠷᠬᠤ ᠬᠦᠰᠡᠯ ᠵᠣᠷᠢᠯᠲᠠ ᠲᠠᠢ ᠪᠠᠶᠢᠬᠤ  ᠎ ᠨᠢ  ᠪᠢᠳᠡᠨ ᠢ ᠴᠠᠭ ᠢᠮᠠᠭᠲᠠ ᠰᠤᠷᠤᠯᠴᠠᠭᠤᠯᠵᠤ᠂ ᠠᠮᠢᠳᠤᠷᠠᠯ ᠳᠤ ᠢᠳᠡᠪᠬᠢᠲᠡᠢ ᠪᠠᠶᠢᠯᠭᠠᠵᠤ ᠴᠢᠳᠠᠳᠠᠭ᠃ ᠶᠠᠮᠠᠷ   ᠴᠦ   ᠵᠦᠢᠯ ᠳᠤ  ᠰᠣᠨᠢᠭᠤᠴᠢ ᠰᠡᠳᠬᠢᠯᠭᠡ ᠪᠠᠷ ᠬᠠᠨᠳᠤᠵᠤ᠂ ᠰᠤᠷᠴᠤ ᠠᠪᠬᠤ ᠶᠢ ᠬᠥᠭᠡᠭᠡᠴᠡᠯᠳᠦᠭᠡᠳ ᠪᠠᠶᠢᠪᠠᠯ ᠥᠪᠡᠷ ᠢ  ᠎ ᠪᠠᠨ  ᠬᠥᠭᠵᠢᠭᠦᠯᠵᠦ  ᠴᠢᠳᠠᠬᠤ ᠶᠢᠨ ᠳᠡᠭᠡᠷ᠎ᠡ ᠠᠮᠢᠳᠤᠷᠠᠯ ᠢᠶᠠᠨ ᠪᠠᠶᠠᠯᠢᠭ ᠪᠠᠶᠢᠯᠭᠠᠵᠤ ᠴᠢᠳᠠᠨ᠎ᠠ᠃                         ᠥᠪᠡᠷ ᠤᠨ ᠢᠶᠠᠨ  ᠦᠨ᠎ᠡ  ᠴᠡᠨ᠎ᠡ ᠶᠢ  ᠮᠡᠳᠡᠷᠡᠬᠦ᠃  ᠥᠪᠡᠷ  ᠎ ᠤᠨ  ᠥᠪᠡᠷᠲᠡᠭᠡᠨ᠂  ᠮᠥᠨ  ᠴᠦ   ᠪᠤᠰᠤᠳ ᠲᠤ ᠦᠨᠡᠨᠴᠢ ᠪᠠᠷ  ᠬᠠᠨᠳᠤᠵᠤ᠂  ᠠᠮᠢᠳᠤᠷᠠᠯ ᠳᠠᠭᠠᠨ  ᠬᠠᠯᠠᠭᠤᠨ  ᠰᠡᠳᠬᠢᠯ ᠲᠠᠢ  ᠪᠠᠶᠢᠵᠤ᠂   ᠲᠡᠭᠦᠰ    ᠰᠠᠶᠢᠬᠠᠨ ᠢ   ᠬᠡᠲᠦᠷᠬᠡᠢ ᠬᠥᠭᠡᠭᠡᠴᠡᠯᠳᠦᠬᠦ  ᠦᠭᠡᠢ᠂  ᠥᠪᠡᠷ ᠤᠨ  ᠪᠡᠶ᠎ᠡ ᠪᠠᠨ  ᠢᠯᠡᠭᠦᠬᠡᠨ   ᠣᠶᠢᠯᠠᠭᠠᠵᠤ     ᠪᠠᠭᠲᠠᠭᠠᠮᠵᠢᠲᠠᠢ   ᠬᠠᠨᠳᠤᠪᠠᠯ᠂   ᠪᠢᠳᠡ‌ᠥᠪᠡᠷ ᠤᠨ ᠢᠶᠠᠨ ᠦᠨ᠎ᠡ ᠴᠡᠨ᠎ᠡ ᠪᠠᠨ ᠨᠠᠩ ᠠᠮᠠᠷᠬᠠᠨ ᠮᠡᠳᠡᠷᠡᠵᠦ ᠴᠢᠳᠠᠬᠤ  ᠪᠣᠯᠣᠨ᠎ᠠ᠃  
 
ᠢᠷᠡᠯᠲᠡ᠄ ᠬᠢᠩᠭᠠᠨ ᠠᠢᠮᠠᠭ ᠤᠨ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号