︿ᠬᠦᠳᠡᠭᠡ ᠨᠣᠳᠤᠭ﹀ ᠠᠮᠢᠳᠣ ᠮᠠᠯ ᠤᠨ ᠵᠠᠬ᠎ᠠ ᠥᠷᠭᠡᠳᠬᠡᠨ ᠡᠵᠡᠩᠨᠡᠯ᠎ᠡ
ᠨᠡᠶᠢᠲᠡᠯᠡᠭᠰᠡᠨ ᠴᠠᠭ᠄
2022/9/27
          ︿ᠬᠦᠳᠡᠭᠡ ᠨᠣᠳᠤᠭ﹀ ᠠᠮᠢᠳᠣ ᠮᠠᠯ ᠤᠨ ᠵᠠᠬ᠎ᠠ ᠥᠷᠭᠡᠳᠬᠡᠨ ᠡᠵᠡᠩᠨᠡᠯ᠎ᠡ                             9 ᠰᠠᠷ᠎ᠠ ᠶᠢᠨ 21 ᠤ ᠡᠳᠦᠷ ᠭᠤᠷᠣᠬᠠᠨ ᠪᠠᠯᠭᠠᠰᠣᠨ ᠤ  ︿ᠬᠦᠳᠡᠭᠡ ᠨᠣᠳᠤᠭ﹀ ᠠᠮᠢᠳᠣ ᠮᠠᠯ ᠤᠨ ᠰᠣᠯᠢᠯᠴᠠᠭᠠᠨ ᠤ ᠵᠠᠬ᠎ᠠ ᠨᠢ ᠡᠨᠡ ᠨᠠᠮᠣᠷ ᠤᠨ ᠠᠩᠬᠠᠨ ᠤ ᠰᠣᠯᠢᠯᠴᠠᠭ᠎ᠠ ᠪᠠᠨ ᠡᠬᠢᠯᠡᠬᠦᠯᠵᠦ᠂ ᠮᠠᠯ ᠤᠨ  ᠠᠷᠠᠯᠵᠢᠶ᠎ᠠ ᠰᠣᠯᠢᠯᠴᠠᠭᠠᠨ ᠳᠤ ᠨᠡᠩ ᠥᠷᠭᠡᠨ  ᠵᠠᠬ᠎ᠠ ᠵᠠᠢ ᠬᠠᠩᠭᠠᠬᠤ ᠪᠣᠯᠣᠯ᠎ᠠ᠃       ᠥᠷᠯᠦᠭᠡ ᠡᠷᠳᠡ ᠬᠦᠳᠡᠭᠡ ᠨᠣᠳᠤᠭ ᠠᠮᠢᠳᠦ ᠮᠠᠯ ᠤᠨ ᠰᠣᠯᠢᠯᠴᠠᠭᠠᠨ ᠤ ᠭᠠᠵᠠᠷ ᠲᠤ  ᠮᠠᠯᠴᠢᠳ ᠵᠦᠭ ᠪᠦᠷᠢ ᠠᠴᠠ ᠦᠭᠡᠷ ᠠᠳᠣᠭᠤ ᠪᠠᠨ ᠲᠡᠭᠡᠭᠡᠨ ᠢᠷᠡᠵᠡᠭᠡᠵᠦ ᠡᠮᠬᠢ ᠲᠠᠷᠠᠭ᠎ᠠ ᠲᠠᠢ ᠪᠠᠷ ᠪᠠᠭᠤᠯᠭᠠᠨ ᠪᠠᠶᠢᠷᠢᠯᠠᠭᠤᠯᠵᠣ᠂ ᠬᠠᠷᠠᠮᠦᠷᠢᠨ  ᠂ ᠾᠧᠪᠸᠢ᠂ ᠲᠦᠨᠪᠦᠦ ᠵᠡᠷᠭᠡ ᠣᠯᠠᠨ ᠭᠠᠵᠠᠷ ᠠᠴᠠ ᠬᠦᠷᠦᠯᠴᠡᠨ ᠢᠷᠡᠭᠰᠡᠨ ᠠᠷᠠᠯᠴᠢᠶᠠᠴᠢᠳ ᠴᠦ ᠰᠣᠯᠢᠯᠴᠠᠭᠠᠨ ᠤ ᠵᠠᠬ᠎ᠠ ᠶᠢᠨ ᠲᠦᠷᠢᠮ ᠶᠣᠰᠣᠭᠠᠷ  ᠰᠣᠯᠢᠯᠴᠠᠭ᠎ᠠ ᠳᠤ ᠣᠷᠣᠯᠴᠠᠬᠤ ᠪᠠᠷ ᠪᠡᠯᠡᠳᠭᠡᠭᠰᠡᠨ ᠪᠠᠶᠢᠯ᠎ᠠ᠃     ᠬᠦᠳᠡᠭᠡ ᠨᠣᠳᠤᠭ ᠠᠮᠢᠳᠣ ᠮᠠᠯ ᠤᠨ ᠰᠣᠯᠢᠯᠴᠠᠭᠠᠨ ᠤ ᠵᠠᠬ᠎ᠠ ᠨᠢ 2018 ᠣᠨ ᠳᠤ ᠭᠤᠷᠣᠬᠠᠨ ᠪᠠᠯᠭᠠᠰᠣᠨ ᠲᠡᠭᠡᠷ᠎ᠡ ᠡᠵᠡᠩᠨᠡᠯᠲᠡ ᠪᠠᠨ ᠡᠬᠢᠯᠡᠭᠦᠯᠦᠭᠰᠡᠨ ᠠᠴᠠ ᠨᠠᠰᠢ ᠭᠤᠷᠣᠬᠠᠨ ᠪᠠᠯᠭᠠᠰᠣᠨ ᠤ ᠣᠶᠢᠷ᠎ᠠ ᠲᠦᠰᠦᠷ ᠤᠨ ᠭᠠᠴᠠᠭ᠎ᠠ ᠂ ᠵᠡᠷᠭᠡᠯᠡᠳᠡᠭᠡ ᠰᠣᠮᠣ ᠪᠠᠯᠭᠠᠰᠣ ᠵᠢᠴᠢ ᠵᠡᠭᠦᠨ ᠦᠵᠦᠮᠦᠴᠢᠨ ᠬᠤᠰᠢᠭᠤᠨ ᠤ  ᠣᠶᠢᠷ᠎ᠠ  ᠬᠠᠪᠢ ᠶᠢᠨ ᠮᠠᠯᠴᠢᠳ ᠲᠤ ᠮᠠᠯ ᠣᠨᠤᠭ᠎ᠠ ᠪᠠᠨ ᠬᠤᠳᠠᠯᠳᠣᠵᠣ ᠪᠣᠷᠣᠯᠭᠤᠯᠬᠤ ᠳᠤ ᠲᠦᠬᠦᠮ ᠲᠦᠳᠡ ᠨᠦᠬᠦᠴᠡᠯ ᠪᠣᠯᠣᠮᠵᠢ ᠶᠢ ᠬᠠᠩᠭᠠᠭᠰᠠᠭᠠᠷ ᠢᠷᠡᠵᠡᠢ᠃ ᠲᠣᠰ ᠠᠮᠢᠳᠣ ᠮᠠᠯ ᠤᠨ ᠰᠣᠯᠢᠯᠴᠠᠭᠠᠨ ᠤ ᠭᠠᠵᠠᠷ ᠨᠢ ᠣᠭ ᠲᠠᠭᠠᠨ 1000 ᠭᠠᠷᠣᠢ ᠮᠠᠯ ᠢ ᠪᠠᠭᠳᠠᠭᠠᠳᠠᠭ ᠪᠠᠶᠢᠭᠰᠠᠨ ᠪᠣᠯ ᠡᠨᠡ ᠵᠢᠯ ᠥᠷᠭᠡᠳᠬᠡᠨ ᠪᠠᠶᠢᠭᠤᠯᠣᠭᠠᠳ 5000 ᠲᠤᠯᠤᠭᠠᠢ ᠮᠠᠯ ᠢ ᠪᠠᠭᠳᠠᠭᠠᠵᠣ ᠴᠢᠳᠠᠬᠤᠶᠢᠴᠠ ᠬᠡᠮᠵᠢᠶ᠎ᠡ ᠲᠠᠢ  ᠪᠣᠯᠣᠭᠰᠠᠨ ᠢᠶᠠᠷ ᠮᠠᠯᠴᠢᠳ ᠤᠨ ᠮᠠᠯ ᠣᠨᠤᠭ᠎ᠠ ᠪᠠᠨ ᠠᠪᠴᠢᠷᠠᠨ ᠪᠣᠷᠣᠯᠠᠭᠤᠯᠬᠤ ᠳᠤ ᠨᠡᠩ ᠥᠷᠭᠡᠨ ᠵᠠᠬ᠎ᠠ  ᠵᠠᠢ ᠶᠢ ᠬᠠᠩᠭᠠᠵᠣ ᠦᠭᠭᠦ ᠪᠣᠯᠣᠭᠰᠠᠨ ᠪᠠᠶᠢᠨ᠎ᠠ᠃                      
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号