ᠪᠠᠶᠠᠨᠬᠤᠸᠠ ᠪᠠᠯᠭᠠᠰᠤ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠡᠵᠮᠡᠳᠡᠬᠦ ᠠᠵᠢᠯ ᠢ ᠯᠠᠪᠳᠠᠭᠤᠨ ᠪᠠᠲᠤᠲᠠᠢ ᠥᠷᠨᠢᠭᠦᠯᠪᠡ
ᠨᠡᠶᠢᠲᠡᠯᠡᠭᠰᠡᠨ ᠴᠠᠭ᠄
2022/9/21
ᠪᠠᠶᠠᠨᠬᠤᠸᠠ ᠪᠠᠯᠭᠠᠰᠤ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠡᠵᠮᠡᠳᠡᠬᠦ ᠠᠵᠢᠯ ᠢ ᠯᠠᠪᠳᠠᠭᠤᠨ ᠪᠠᠲᠤᠲᠠᠢ ᠥᠷᠨᠢᠭᠦᠯᠪᠡ   ᠨᠠᠮᠤᠷ ᠤᠨ ᠤᠯᠠᠷᠢᠯ ᠤᠨ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠡᠵᠡᠮᠳᠡᠬᠦ ᠠᠵᠢᠯ ᠢ ᠦᠨᠡᠨᠬᠦ ᠰᠠᠶᠢᠲᠤᠷ ᠬᠢᠵᠦ᠂ ᠠᠮᠢᠲᠠᠨ ᠤ ᠬᠦᠨᠳᠦ ᠶᠡᠭᠡ ᠬᠢᠵᠢᠭ ᠡᠪᠡᠳᠴᠢᠨ ᠢ ᠪᠦᠲᠦᠮᠵᠢᠲᠡᠶ ᠰᠡᠷᠭᠡᠶᠢᠯᠡᠨ ᠡᠵᠡᠮᠳᠡᠵᠦ᠂ ᠪᠥᠬᠦ ᠪᠠᠯᠭᠠᠰᠤᠨ ᠤ ᠮᠠᠯ ᠠᠵᠤ ᠠᠬᠤᠢ ᠶᠢᠨ ᠡᠷᠡᠭᠦᠯ ᠲᠣᠭᠲᠠᠭᠤᠨ ᠢᠶᠠᠷ ᠬᠥᠭᠵᠢᠬᠦ ᠶᠢ ᠦᠨᠡᠨᠬᠦ ᠪᠠᠲᠤᠯᠠᠬᠤ ᠶᠢᠨ ᠲᠤᠰᠠᠳᠠ᠂ ᠪᠠᠶᠠᠨᠬᠤᠸᠠ ᠪᠠᠯᠭᠠᠰᠤ ᠵᠣᠬᠢᠶᠠᠨ ᠪᠠᠶᠢᠭᠤᠯᠤᠯᠲᠠ ᠶᠢᠨ ᠤᠳᠤᠷᠢᠳᠤᠯᠭ᠎ᠠ ᠪᠠ ᠤᠬᠠᠭᠤᠯᠤᠨ ᠬᠥᠲᠥᠯᠥᠨ ᠵᠢᠯᠤᠭᠤᠳᠬᠤ ᠪᠠᠨ ᠴᠢᠩᠭᠠᠳᠬᠠᠵᠤ᠂ ᠠᠮᠢᠲᠠᠨ ᠤ ᠬᠦᠨᠳᠦ ᠶᠡᠭᠡ ᠬᠢᠵᠢᠭ ᠡᠪᠡᠳᠴᠢᠨ ᠢ ᠥᠯᠥ ᠬᠠᠯᠳᠠᠭᠠᠬᠤ ᠪᠠ ᠠᠷᠢᠭᠤᠳᠬᠠᠵᠤ᠂ ᠡᠬᠢ ᠶᠢ ᠨᠢ ᠤᠰᠠᠳᠬᠠᠬᠤ ᠠᠵᠢᠯ ᠢ ᠪᠣᠳᠠᠲᠠᠢ ᠳᠤ ᠨᠠᠶᠢᠳᠠᠪᠤᠷᠢᠵᠢᠭᠤᠯᠤᠨ᠂ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠡᠵᠡᠮᠳᠡᠬᠦ ᠠᠵᠢᠯ ᠢ ᠪᠥᠬᠦ ᠲᠠᠯ᠎ᠠ ᠪᠠᠷ ᠲᠦᠯᠬᠢᠨ ᠠᠬᠢᠭᠤᠯᠪᠠ᠃ ᠮᠠᠨ ᠤ ᠪᠠᠯᠭᠠᠰᠤ ᠤᠷᠢᠳ ᠬᠤᠵᠢᠳ ᠠᠮᠢᠲᠠᠨ ᠤ ᠬᠢᠵᠢᠭ ᠢ ᠰᠡᠷᠭᠡᠶᠢᠯᠡᠬᠦ ᠠᠵᠢᠯ ᠤᠨ ᠲᠤᠰᠬᠠᠢ ᠰᠡᠳᠦᠪᠲᠦ ᠲᠣᠬᠢᠷᠠᠭᠤᠯᠤᠯᠲᠠ ᠶᠢᠨ ᠬᠤᠷᠠᠯ ᠢ 4 ᠤᠳᠠᠭ᠎ᠠ ᠬᠤᠷᠠᠯᠳᠤᠭᠤᠯᠵᠤ᠂ ᠪᠠᠯᠭᠠᠰᠤᠨ ᠤ ᠨᠠᠮ ᠤᠨ ᠬᠤᠷᠢᠶᠠᠨ ᠤ ᠳᠡᠳ᠋ ᠱᠦᠵᠢ᠂ ᠪᠠᠯᠭᠠᠰᠤᠨ ᠳᠠᠷᠤᠭ᠎ᠠ ᠹᠧᠩ ᠯᠢ ᠂ ᠪᠠᠯᠭᠠᠰᠤᠨ ᠤ ᠨᠠᠮ ᠤᠨ ᠬᠤᠷᠢᠶᠠᠨ ᠤ ᠭᠡᠰᠢᠭᠦᠨ᠂ ᠪᠠᠯᠭᠠᠰᠤᠨ ᠤ ᠳᠡᠳ᠋ ᠳᠠᠷᠤᠭ᠎ᠠ ᠡᠩᠬᠡᠵᠢᠷᠭᠠᠯ ᠬᠤᠷᠠᠯ ᠢ ᠡᠷᠭᠢᠯᠡᠵᠦ᠂ ᠪᠥᠬᠦ ᠪᠠᠯᠭᠠᠰᠤᠨ ᠤ ᠨᠠᠮᠤᠷ ᠤᠨ ᠤᠯᠠᠷᠢᠯ ᠤᠨ ᠠᠮᠢᠲᠠᠨ ᠤ ᠬᠢᠵᠢᠭ ᠢ ᠰᠡᠷᠭᠡᠶᠢᠯᠡᠬᠦ ᠠᠵᠢᠯ ᠢ ᠨᠠᠷᠢᠨ ᠨᠢᠮᠪᠠᠢ ᠲᠣᠬᠢᠷᠠᠭᠤᠯᠤᠨ ᠪᠠᠶᠢᠷᠢᠯᠠᠭᠤᠯᠵᠤ᠂ ᠪᠠᠯᠭᠠᠰᠤ ᠭᠠᠴᠠᠭ᠎ᠠ ᠬᠤᠶᠠᠷ ᠱᠠᠲᠤᠨ ᠤ ᠤᠳᠤᠷᠢᠳᠤᠯᠭ᠎ᠠ ᠶᠢᠨ ᠬᠠᠷᠢᠭᠤᠴᠠᠯᠭ᠎ᠠ ᠪᠠ ᠨᠡᠶᠢᠭᠡᠮᠴᠢᠯᠡᠭᠰᠡᠨ ᠦᠢᠯᠡᠴᠢᠯᠡᠭᠡᠨ ᠤ ᠺᠣᠮᠫᠠᠨᠢ ᠶᠢᠨ ᠠᠵᠢᠯ ᠤᠨ ᠬᠠᠷᠢᠭᠤᠴᠠᠯᠭ᠎ᠠ ᠶᠢ ᠤᠯᠠᠮ ᠨᠢᠭᠡ ᠠᠯᠬᠤᠮ ᠲᠣᠳᠣᠷᠬᠠᠶᠢᠯᠠᠨ᠂ ᠬᠠᠷᠠᠯᠲᠠ ᠡᠭᠦᠷᠭᠡ ᠶᠢ ᠰᠠᠯᠭᠠᠨ ᠨᠠᠶᠢᠳᠠᠪᠤᠷᠢᠵᠢᠭᠤᠯᠵᠤ᠂ ᠮᠠᠯᠵᠢᠬᠤ ᠡᠷᠦᠬᠡ ᠶᠢᠨ ᠬᠢᠵᠢᠭ ᠢ ᠰᠡᠷᠭᠡᠶᠢᠯᠡᠬᠦ ᠭᠤᠣᠯ ᠴᠣᠭᠴᠠ ᠶᠢᠨ ᠬᠠᠷᠢᠭᠤᠴᠠᠯᠭ᠎ᠠ ᠪᠠᠨ ᠬᠢᠨᠠᠮᠠᠭᠠᠢ ᠭᠦᠢᠴᠡᠳᠬᠡᠬᠦ ᠶᠢ ᠱᠠᠭᠠᠷᠳᠠᠵᠤ᠂ ᠡᠯ᠎ᠡ ᠲᠠᠯ᠎ᠠ ᠶᠢᠨ ᠬᠢᠨ ᠤ ᠬᠠᠤᠯᠢ ᠶᠣᠰᠣᠭᠠᠷ ᠰᠡᠷᠭᠡᠶᠢᠯᠡᠨ ᠡᠵᠡᠮᠳᠡᠬᠦ ᠡᠭᠦᠷᠭᠡ ᠪᠠᠨ ᠭᠦᠢᠴᠡᠳᠬᠡᠬᠦ ᠶᠢ ᠱᠠᠭᠠᠷᠳᠠᠪᠠ᠃     9 ᠰᠠᠷ᠎ᠠ ᠶᠢᠨ 8 ᠤ ᠡᠳᠦᠷ᠂ ᠬᠤᠰᠢᠭᠤ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭᠠᠨ ᠮᠡᠷᠭᠡᠵᠢᠯ ᠤᠨ ᠳᠤᠪᠴᠢᠶᠠᠨ ᠤ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠬᠢᠵᠠᠭᠠᠷᠯᠠᠬᠤ ᠲᠥᠪ ᠢᠶᠠᠷ ᠪᠦᠷᠢᠯᠳᠦᠭᠰᠡᠨ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠨ ᠬᠢᠵᠠᠭᠠᠷᠯᠠᠬᠤ ᠵᠢᠯᠤᠭᠤᠳᠬᠤ ᠳᠤᠭᠤᠶᠢᠯᠠᠩ ᠮᠠᠨ ᠤ ᠪᠠᠯᠭᠠᠰᠤᠨ ᠳᠤ ᠭᠦᠨᠵᠡᠭᠡᠶᠢᠷᠡᠨ᠂ ᠬᠢᠵᠢᠭ ᠰᠡᠷᠭᠡᠶᠢᠯᠡᠬᠦ ᠠᠬᠢᠴᠠ᠂ ᠬᠢᠵᠢᠭ ᠰᠡᠷᠭᠡᠶᠢᠯᠡᠬᠦ ᠨᠢᠭᠲᠠᠴᠠ ᠪᠠ ᠶᠠᠰᠤ ᠴᠢᠨᠠᠷ ᠢ ᠱᠠᠭᠠᠷᠳᠠᠨ ᠪᠠᠶᠢᠴᠠᠭᠠᠵᠤ᠂ ᠮᠠᠨ ᠤ ᠪᠠᠯᠭᠠᠰᠤᠨ ᠠᠴᠠ ᠢᠯᠡᠷᠡᠭᠦᠯᠦᠭᠰᠡᠨ ᠠᠰᠠᠭᠤᠳᠠᠯ ᠢ ᠴᠠᠭ ᠲᠤᠬᠠᠢ ᠳᠤᠨᠢ ᠰᠢᠢᠳᠪᠦᠷᠢᠯᠡᠬᠦ ᠶᠢ ᠱᠠᠭᠠᠷᠳᠠᠵᠤ᠂ ᠬᠢᠵᠢᠭ ᠰᠡᠷᠭᠡᠶᠢᠯᠡᠬᠦ ᠠᠵᠢᠯ ᠢ ᠤᠷᠤᠭᠰᠢᠲᠠᠢ ᠲᠦᠯᠬᠢᠨ ᠠᠬᠢᠭᠤᠯᠪᠠ᠃ ᠵᠢᠯᠤᠭᠤᠳᠬᠤ ᠳᠤᠭᠤᠶᠢᠯᠠᠩ ᠤᠨ ᠬᠢᠨ ᠶᠠᠷᠢᠯᠴᠠᠬᠤ ᠬᠤᠷᠠᠯ ᠬᠤᠷᠠᠯᠳᠤᠭᠤᠯᠵᠤ᠂ ᠡᠮ ᠤᠨ ᠵᠦᠢᠯᠡᠰ ᠤᠨ ᠨᠥᠭᠡᠴᠡᠯᠡᠯᠲᠡ ᠶᠢᠨ ᠪᠠᠶᠢᠳᠠᠯ᠂ ᠬᠢᠵᠢᠭ ᠢ ᠰᠡᠷᠭᠡᠶᠢᠯᠡᠬᠦ ᠡᠬᠡ ᠳᠠᠩᠰᠠ᠂ ᠡᠭᠡᠯᠢᠯᠡᠭᠡ ᠶᠢᠨ ᠳᠠᠩᠰᠠ ᠡᠪᠬᠡᠮᠡᠯ᠂ ᠸᠠᠺᠼᠢᠨ ᠤ ᠲᠠᠷᠬᠠᠭᠠᠯᠲᠠ ᠶᠢᠨ ᠲᠡᠮᠳᠡᠭᠯᠡᠯ ᠵᠢᠴᠢ ᠮᠠᠯᠵᠢᠬᠤ ᠡᠷᠦᠬᠡ ᠪᠠᠷ ᠰᠤᠷᠪᠤᠯᠵᠢᠯᠠᠬᠤ ᠵᠡᠷᠭᠡ ᠠᠷᠭ᠎ᠠ ᠬᠡᠯᠪᠡᠷᠢ ᠪᠠᠷ ᠮᠠᠨ ᠤ ᠪᠠᠯᠭᠠᠰᠤᠨ ᠤ ᠨᠠᠮᠤᠷ ᠤᠨ ᠤᠯᠠᠷᠢᠯ ᠤᠨ ᠠᠮᠢᠲᠠᠨ ᠤ ᠬᠢᠵᠢᠭ ᠡᠪᠡᠳᠴᠢᠨ ᠢ ᠰᠡᠷᠭᠡᠶᠢᠯᠡᠬᠦ ᠠᠵᠢᠯ ᠢ ᠥᠷᠨᠢᠭᠦᠯᠵᠦ ᠪᠠᠶᠢᠭ᠎ᠠ ᠪᠠᠶᠢᠳᠠᠯ ᠢ ᠭᠦᠨᠵᠡᠭᠡᠢ ᠣᠶᠢᠯᠠᠭᠠᠬᠤ ᠶᠢᠨ ᠬᠠᠮᠲᠤ ᠣᠷᠣᠰᠢᠵᠤ ᠪᠠᠶᠢᠭ᠎ᠠ ᠠᠰᠠᠭᠤᠳᠠᠯ ᠳᠤ ᠵᠢᠯᠤᠭᠤᠳᠬᠤ ᠴᠢᠨᠠᠷᠲᠠᠢ ᠰᠠᠨᠠᠯ ᠭᠠᠷᠭᠠᠪᠠ᠃   ᠪᠠᠯᠭᠠᠰᠤᠨ ᠤ ᠶᠡᠷᠦᠩᠬᠡᠶᠢᠯᠡᠭᠰᠡᠨ ᠪᠠᠲᠤᠯᠠᠭ᠎ᠠ ᠪᠠ ᠮᠡᠷᠭᠡᠵᠢᠯ ᠳᠡᠯᠭᠡᠷᠡᠭᠦᠯᠬᠦ ᠲᠥᠪ ᠠᠴᠠ ᠨᠡᠶᠢᠭᠡᠮᠴᠢᠯᠡᠭᠰᠡᠨ ᠦᠢᠯᠡᠴᠢᠯᠡᠭᠡᠨ ᠤ ᠺᠣᠮᠫᠠᠨᠢ ᠶᠢ ᠱᠠᠭᠠᠷᠳᠠᠵᠤ᠂ ᠡᠭᠡᠯᠢᠯᠡᠭᠡ ᠶᠢᠨ ᠠᠵᠢᠯᠯᠠᠭᠠᠨ ᠤ ᠳᠦᠷᠢᠮ ᠢ ᠴᠢᠩᠭ᠎ᠠ ᠵᠢᠷᠤᠮᠯᠠᠨ᠂ ᠡᠭᠡᠯᠢᠯᠡᠭᠡ ᠶᠢᠨ ᠲᠠᠷᠢᠯᠭ᠎ᠠ ᠪᠠ ᠠᠷᠢᠭᠤᠳᠬᠠᠬᠤ ᠠᠵᠢᠯ ᠢ ᠯᠠᠪᠳᠠᠭᠤᠨ ᠪᠠᠲᠤᠲᠠᠢ ᠥᠷᠨᠢᠭᠦᠯᠵᠦ᠂ ᠸᠠᠺᠼᠢᠨ ᠤ ᠬᠠᠮᠢᠶᠠᠷᠤᠯᠲᠠ᠂ ᠲᠠᠩᠰᠠ ᠡᠪᠬᠡᠮᠡᠯ ᠤᠨ ᠪᠠᠶᠢᠭᠤᠯᠤᠯᠲᠠ ᠵᠡᠷᠭᠡ ᠠᠵᠢᠯ ᠢ ᠤᠯᠠᠮ ᠨᠢᠭᠡ ᠠᠯᠬᠤᠮ ᠵᠢᠷᠤᠮᠵᠢᠭᠤᠯᠤᠨ᠂ ᠨᠠᠮᠤᠷ ᠤᠨ ᠤᠯᠠᠷᠢᠯ ᠤᠨ ᠠᠮᠢᠲᠠᠨ ᠤ ᠬᠢᠵᠢᠭ ᠢ ᠰᠡᠷᠭᠡᠶᠢᠯᠡᠬᠦ ᠠᠵᠢᠯ ᠢ ᠡᠮᠬᠢ ᠵᠢᠷᠤᠮ ᠲᠠᠢ ᠠᠬᠢᠭᠤᠯᠵᠤ᠂ ᠮᠠᠯ ᠤᠨ ᠲᠠᠷᠢᠯᠭ᠎ᠠ ᠶᠢ ᠡᠷᠬᠡᠪᠰᠢ ᠰᠠᠶᠢᠳᠤᠷ ᠲᠠᠷᠢᠵᠦ᠂ ᠡᠪᠡᠳᠴᠢᠨ ᠬᠢᠵᠢᠭ ᠢ ᠰᠠᠶᠢᠳᠤᠷ ᠰᠡᠷᠭᠡᠶᠢᠯᠡᠨ᠎ᠡ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号