ᠨᠣᠭᠤᠭ᠎ᠠ ᠢᠳᠡᠬᠦ ᠳᠤ ᠴᠡᠭᠡᠷᠯᠡᠬᠦ ᠵᠦᠢᠯ
ᠨᠡᠶᠢᠲᠡᠯᠡᠭᠰᠡᠨ ᠴᠠᠭ᠄
2022/12/13
             ᠨᠣᠭᠤᠭ᠎ᠠ ᠢᠳᠡᠬᠦ ᠳᠤ ᠴᠡᠭᠡᠷᠯᠡᠬᠦ ᠵᠦᠢᠯ    ᠰᠣᠶᠣᠭᠠᠯᠠᠭᠰᠠᠨ ᠲᠥᠮᠥᠰᠥ ᠢᠳᠡᠬᠦ ᠶᠢ ᠴᠡᠭᠡᠷᠯᠡᠨ᠎ᠡ      ᠰᠣᠶᠣᠭᠠᠯᠠᠭᠰᠠᠨ ᠲᠥᠮᠥᠰᠥ ᠨᠢ ᠶᠡᠭᠡ ᠬᠡᠮᠵᠢᠶᠡᠨ ᠤ ᠬᠤᠣᠷᠲᠤ ᠡᠳ᠋ ᠢ ᠪᠤᠢ  ᠪᠣᠯᠭᠠᠳᠠᠭ ᠲᠤᠯᠠ ᠢᠳᠡᠪᠡᠯ ᠬᠤᠣᠷᠳᠠᠭᠳᠠᠬᠤ ᠪᠠᠶᠢᠳᠠᠯ ᠢᠯᠡᠷᠡᠨ᠎ᠡ᠃      ᠨᠣᠭᠤᠭᠠᠨ ᠲᠥᠪᠡᠳ ᠬᠠᠰᠢ ᠢᠳᠡᠬᠦ ᠶᠢ ᠴᠡᠭᠡᠷᠯᠡᠨ᠎ᠡ᠃  ᠪᠣᠯᠪᠠᠰᠤᠷᠠᠭ᠎ᠠ ᠦᠭᠡᠢ ᠲᠥᠪᠡᠳ ᠬᠠᠰᠢ ᠪᠠ ᠲᠥᠮᠥᠰᠥ ᠶᠢᠨ ᠰᠣᠶᠤᠭ᠎ᠠ᠂ ᠬᠠᠯᠢᠰᠤᠨ ᠤ ᠬᠢᠨ ᠬᠤᠣᠷᠲᠤ ᠴᠢᠨᠠᠷ ᠨᠢ ᠠᠳᠠᠯᠢ ᠪᠠᠶᠢᠳᠠᠭ ᠲᠤᠯᠠ ᠠᠮᠠ ᠵᠠᠪᠠᠭᠠᠷᠠᠵᠤ᠂ ᠠᠬᠠᠳᠠᠪᠠᠯ ᠬᠤᠣᠷᠳᠠᠭᠳᠠᠭᠰᠠᠨ ᠪᠠᠶᠢᠳᠠᠯ ᠢᠯᠡᠷᠡᠨ᠎ᠡ᠃              ᠰᠠᠶ᠋ᠢᠬᠠᠨ ᠲᠡᠭᠦᠭᠰᠡᠨ ᠰᠢᠷ᠎ᠠ ᠴᠡᠴᠡᠭ ᠢᠳᠡᠬᠦ ᠶᠢ ᠴᠡᠭᠡᠷᠯᠡᠨ᠎ᠡ ᠰᠠᠶ᠋ᠢᠬᠠᠨ ᠲᠡᠭᠦᠭᠰᠡᠨ ᠰᠣᠷᠭᠤᠭ ᠰᠢᠷ᠎ᠠ ᠴᠡᠴᠡᠭ ᠲᠤ ᠰᠡᠷᠢᠭᠦᠨ ᠴᠡᠴᠡᠭ ᠤᠨ ᠱᠦᠯᠲᠦ ᠬᠡᠮᠡᠬᠦ ᠨᠢᠭᠡᠨ ᠬᠤᠣᠷᠲᠤ ᠪᠣᠳᠠᠰ ᠪᠠᠶᠢᠳᠠᠭ ᠲᠤᠯᠠ ᠢᠳᠡᠪᠡᠯ ᠬᠤᠭᠤᠯᠠᠢ ᠬᠠᠳᠠᠵᠤ᠂ ᠬᠤᠳᠣᠭᠤᠳᠤ ᠡᠪᠡᠳᠬᠦ᠂ ᠳᠤᠷ᠎ᠠ ᠪᠣᠯᠭᠢᠬᠤ᠂ ᠨᠢᠷᠤᠭᠤ‌ᠡᠪᠡᠳᠬᠦ᠂  ᠰᠠᠭᠤᠯᠭᠠᠬᠤ ᠵᠡᠷᠭᠡ ᠡᠪᠡᠳᠴᠢᠨ ᠤ ᠰᠢᠨᠵᠢ ᠢᠯᠡᠷᠡᠳᠡᠭ᠃           ᠢᠯᠵᠢᠷᠡᠭᠰᠡᠨ ᠲᠦᠭᠦᠬᠡᠢ ᠭᠠ ᠢᠳᠡᠬᠦ ᠶᠢ ᠴᠡᠭᠡᠷᠯᠡᠨ᠎ᠡ         ᠲᠦᠭᠦᠬᠡᠢ ᠭᠠ ᠢᠯᠵᠢᠷᠡᠪᠡᠯ ᠭᠠᠪᠤᠷ ᠭᠡᠬᠦ ᠦᠮᠠᠨ ᠡᠭᠦᠰᠬᠡᠬᠦ ᠪᠣᠳᠠᠰ ᠢ ᠪᠤᠢ ᠪᠣᠯᠭᠠᠳᠠᠭ᠂ ᠡᠭᠦᠨ ᠢ ᠢᠳᠡᠪᠡᠯ  ᠡᠯᠢᠭᠡᠨ ᠤ ᠦᠮᠠᠨ ᠪᠠ ᠬᠤᠭᠤᠯᠠᠢ ᠶᠢᠨ ᠦᠮᠠᠨ ᠢ ᠡᠭᠦᠰᠬᠡᠨ᠎ᠡ᠃   ᠭᠦᠢᠴᠡᠳ ᠪᠤᠯᠭᠤᠭᠰᠠᠨ ᠦᠭᠡᠢ ᠪᠤᠷᠴᠠᠭ ᠢᠳᠡᠬᠦ ᠶᠢ ᠴᠡᠭᠡᠷᠯᠡᠨ᠎ᠡ           ᠭᠦᠢᠴᠡᠳ ᠪᠤᠯᠭᠤᠭᠰᠠᠨ ᠦᠭᠡᠢ ᠪᠤᠷᠴᠠᠭ ᠲᠤ ᠤᠷᠭᠤᠮᠠᠯ ᠤᠨ ᠴᠢᠰᠤᠨ ᠴᠠᠭᠠᠨ ᠢ ᠴᠠᠷᠴᠠᠭᠤᠯᠬᠤ ᠡᠳ᠋ ᠭᠡᠬᠦ ᠬᠤᠣᠷᠲᠤ ᠪᠣᠳᠠᠰ ᠪᠠᠶᠢᠵᠤ ᠴᠢᠰᠤ ᠶᠢ ᠴᠠᠷᠴᠠᠭᠤᠯᠬᠤ ᠦᠢᠯᠡᠳᠦᠯ ᠦᠵᠡᠭᠦᠯᠳᠡᠭ ᠲᠤᠯᠠ ᠢᠳᠡᠪᠡᠯ ᠬᠤᠣᠷᠳᠠᠭᠳᠠᠨ᠎ᠠ᠃  ᠳᠠᠶᠢᠮᠤ ᠠᠴᠠ ᠪᠤᠷᠴᠠᠭ ᠢᠳᠡᠬᠦ ᠳᠤ ᠪᠠᠨ ᠰᠢᠯᠵᠠᠷᠠᠲᠠᠯ᠎ᠠ ᠴᠢᠨᠠᠬᠤ ᠬᠡᠷᠡᠭᠲᠡᠢ᠃        ᠢᠯᠵᠢᠷᠡᠭᠰᠡᠨ ᠴᠠᠭᠠᠨ ᠨᠣᠭᠤᠭ᠎ᠠ ᠢᠳᠡᠬᠦ ᠶᠢ ᠴᠡᠭᠡᠷᠯᠡᠨ᠎ᠡ         ᠴᠠᠭᠠᠨ ᠨᠣᠭᠤᠭ᠎ᠠ ᠢᠯᠵᠢᠷᠡᠪᠡᠯ ᠳᠤᠲᠠᠭᠤ ᠠᠽᠣᠲ ᠬᠦᠴᠢᠯ ᠤᠨ ᠳᠠᠪᠤᠰᠤ ᠪᠤᠢ ᠪᠤᠯᠳᠠᠭ ᠲᠤᠯᠠ ᠬᠦᠴᠢᠯᠲᠥ᠋ᠷᠥᠭᠴᠢ  ᠳᠤᠲᠠᠭᠳᠠᠬᠤ ᠬᠤᠣᠷᠳᠠᠯᠭ᠎ᠠ ᠪᠣᠯᠵᠤ ᠬᠥᠩᠭᠡᠨ ᠰᠢᠭ ᠪᠣᠯ ᠤᠷᠤᠭᠤᠯ ᠠᠮᠠ ᠠᠷᠠᠰᠤ ᠬᠥᠬᠡᠷᠡᠨ ᠠᠬᠠᠳᠠᠪᠠᠯ ᠠᠮᠢ ᠨᠠᠰᠤᠨ ᠳᠤ  ᠠᠶᠤᠯᠲᠠᠢ᠃      ᠴᠢᠨᠠᠷ ᠬᠤᠪᠢᠷᠠᠭᠰᠠᠨ ᠳᠡᠯᠳᠡᠦ ᠢᠳᠡᠬᠦ ᠶᠢ ᠴᠡᠭᠡᠷᠯᠡᠨ᠎ᠡ           ᠴᠢᠨᠠᠷ ᠬᠤᠪᠢᠷᠠᠭᠰᠠᠨ ᠳᠡᠯᠳᠡᠦ ᠠᠴᠠ ᠶᠡᠭᠡ ᠬᠡᠮᠵᠢᠶᠡᠨ ᠤ ᠢᠰᠬᠡᠭᠰᠡᠨ ᠪᠤᠳᠠᠭ᠎ᠠ᠂ ᠭᠤᠯᠢᠷ ᠤᠨ ᠰᠢᠷ᠎ᠠ ᠰᠠᠪᠬᠠᠨ ᠪᠠᠺᠲ᠋ᠧᠷᠢ ᠶᠢᠨ ᠡᠳ᠋ ᠪᠤᠢ ᠪᠣᠯᠵᠤ᠂ ᠡᠭᠦᠨ ᠢ ᠢᠳᠡᠪᠡᠯ ᠬᠤᠳᠣᠭᠤᠳᠤ ᠡᠪ ᠦᠭᠡᠶᠢᠷᠡᠨ᠂ ᠬᠦᠨᠳᠦ ᠰᠢᠭ ᠨᠢ  ᠬᠤᠣᠷᠳᠠᠯᠭ᠎ᠠ ᠶᠢᠨ ᠴᠢᠨᠠᠷᠲᠠᠢ ᠮᠠᠨᠠᠷᠠᠬᠤ ᠪᠣᠯᠣᠨ᠎ᠠ᠃      ᠬᠡᠳᠤ ᠬᠠᠯᠠᠭᠤᠨ ᠱᠥᠯᠥ ᠤᠤᠭᠤᠬᠤ ᠪᠠ ᠨᠣᠭᠤᠭ᠎ᠠ ᠢᠳᠡᠬᠦ ᠶᠢ ᠴᠡᠭᠡᠷᠯᠡᠨ᠎ᠡ   ᠪᠤᠴᠠᠯᠤᠮ᠎ᠠ ᠬᠠᠯᠠᠭᠤᠨ ᠱᠥᠯᠥ ᠤᠤᠭᠤᠵᠤ᠂ ᠨᠣᠭᠤᠭ᠎ᠠ ᠢᠳᠡᠪᠡᠯ ᠠᠮᠠᠨ ᠬᠥᠨᠳᠡᠢ᠂ ᠪᠠᠭᠠᠯᠵᠠᠭᠤᠷ᠂ ᠤᠯᠠᠭᠠᠨ  ᠬᠤᠭᠤᠯᠠᠢ᠂ ᠬᠤᠳᠣᠭᠤᠳᠤ ᠶᠢᠨ ᠰᠠᠯᠢᠰᠤᠲᠤ ᠪᠦᠷᠬᠦᠪᠴᠢ ᠶᠢᠨ ᠬᠠᠯᠠᠭᠠᠭᠰᠠᠨ ᠰᠢᠷᠬ᠎ᠠ ᠪᠣᠯᠵᠤ ᠴᠢᠰᠤ ᠬᠤᠷᠠᠨ ᠢᠯᠪᠤᠷᠠᠵᠤ  ᠰᠢᠷᠬᠠᠯᠠᠭ᠎ᠠ ᠪᠤᠯᠳᠠᠭ᠃ ᠪᠠᠶᠢᠨ ᠳᠠᠬᠢᠨ ᠭᠡᠮᠲᠦᠭᠡᠵᠦ᠂ ᠰᠡᠳᠦᠯᠲᠡ ᠥᠭᠭᠦᠭᠡᠳ ᠪᠠᠶᠢᠪᠠᠯ ᠡᠳᠦᠷ ‍ᠤᠨ‌ᠤᠳᠠᠭᠠᠨ ᠳᠤ ᠪᠠᠨ  ᠮᠠᠭᠤ ᠬᠤᠪᠢᠷᠠᠯᠲᠠ ᠭᠠᠷᠴᠤ ᠦᠮᠠᠨ ᠡᠭᠦᠰᠬᠡᠵᠦ ᠮᠡᠳᠡᠨ᠎ᠠ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号