ᠴᠠᠭᠠᠨ ᠦᠰᠦ ᠶᠢ ᠦᠭᠲᠡᠭᠡᠬᠦ ᠲᠤᠰᠤᠮ ᠤᠷᠭᠤᠳᠠᠭ ᠤᠤ︖
ᠨᠡᠶᠢᠲᠡᠯᠡᠭᠰᠡᠨ ᠴᠠᠭ᠄
2022/12/13
        ᠴᠠᠭᠠᠨ ᠦᠰᠦ ᠶᠢ ᠦᠭᠲᠡᠭᠡᠬᠦ ᠲᠤᠰᠤᠮ ᠤᠷᠭᠤᠳᠠᠭ ᠤᠤ︖     ᠴᠠᠭᠠᠨ ᠦᠰᠦ ᠶᠠᠭᠠᠬᠢᠭᠠᠳ ᠤᠯᠠᠮ ᠨᠡᠮᠡᠭᠳᠡᠳᠡᠭ ᠪᠤᠢ︖ ᠵᠠᠷᠢᠮ ᠬᠥᠮᠥᠨ ᠤ ᠦᠵᠡᠬᠦ ᠪᠠᠷ᠂ ᠴᠠᠭᠠᠨ ᠦᠰᠦ ᠦᠭᠲᠡᠭᠡᠬᠦ ᠲᠤᠰᠤᠮ ᠨᠡᠮᠡᠭᠳᠡᠨ᠎ᠡ ᠭᠡᠵᠦ ᠪᠤᠢ᠃ ᠡᠨᠡ ᠨᠢ ᠡᠰᠢ ᠪᠠᠷᠢᠮᠲᠠ ᠲᠠᠢ ᠤᠤ︖ ᠬᠤᠨᠠᠨ ᠮᠤᠵᠢ ᠶᠢᠨ ᠠᠷᠠᠳ ᠤᠨ ᠡᠮᠨᠡᠯᠭᠡ ᠶᠢᠨ ᠬᠤᠷᠢᠶᠠᠨ ᠤ ᠠᠷᠠᠰᠤᠨ ᠤ ᠡᠮᠨᠡᠯᠬᠡ ᠶᠢᠨ ᠡᠷᠬᠢᠯᠡᠭᠴᠢ ᠡᠮᠴᠢ ᠰᠢᠶᠣᠣ ᠸᠧᠢ ᠷᠦᠩ ᠬᠡᠯᠡᠬᠦ ᠳᠡᠭᠡᠨ᠂ ᠡᠨᠡ  ᠨᠢ ᠶᠠᠮᠠᠷᠴᠤ ᠰᠢᠨᠵᠢᠯᠡᠬᠦ ᠤᠬᠠᠭᠠᠨ ᠤ ᠡᠰᠢ ᠪᠠᠷᠢᠮᠲᠠ ᠦᠭᠡᠢ ᠶᠤᠮ ᠭᠡᠵᠡᠢ᠃      ᠲᠡᠭᠡᠪᠡᠯ᠂ ᠶᠠᠭᠠᠬᠢᠭᠠᠳ ᠬᠥᠮᠥᠨ   ᠤ ᠨᠠᠰᠤ ᠨᠡᠮᠡᠭᠳᠡᠬᠦ ᠶᠢ ᠳᠠᠭᠠᠯᠳᠤᠨ᠂ ᠭᠡᠵᠢᠭᠡ ᠦᠰᠦ ᠨᠢ ᠪᠤᠭᠤᠷᠤᠯᠲᠤᠵᠤ᠂ ᠨᠡᠩ ᠴᠦ ᠵᠠᠯᠠᠭᠤᠴᠤᠳ ᠤᠨ ᠳᠤᠮᠳᠠ ᠪᠤᠭᠤᠷᠤᠯ ᠦᠰᠦ ᠲᠠᠢ ᠬᠥᠮᠥᠨ ᠣᠯᠠᠰᠢᠷᠠᠭᠰᠠᠨ ᠪᠣᠯ︖ ᠡᠭᠦᠨ ᠤ ᠲᠤᠬᠠᠢ ᠰᠢᠶᠣᠣ ᠸᠧᠢ ᠷᠦᠩ ᠬᠡᠯᠡᠬᠦ ᠳᠡᠭᠡᠨ᠂ ᠵᠠᠯᠠᠭᠤ ᠬᠥᠮᠥᠨ ᠤ ᠭᠡᠵᠢᠭᠡ ᠨᠢ ᠳᠠᠰᠦ ᠬᠠᠷ᠎ᠠ ᠪᠠᠶᠢᠳᠠᠭ ᠨᠢ ᠦᠰᠦᠨ ᠤ ᠤᠭ ᠲᠤ ᠬᠠᠷ᠎ᠠ ᠥᠩᠭᠡᠨ ᠤ ᠡᠳ᠋ ᠪᠠᠶᠢᠳᠠᠭ ᠠᠴᠠ ᠪᠣᠯᠤᠭᠰᠠᠨ ᠶᠤᠮ᠃ ᠨᠠᠰᠤ ᠨᠡᠮᠡᠭᠳᠡᠬᠦ ᠶᠢ ᠳᠠᠭᠠᠯᠳᠤᠨ᠂ ᠦᠩᠬᠡᠨ ᠤ ᠡᠳ᠋ ᠤᠨ ᠢᠳᠡᠪᠬᠢ ᠴᠢᠨᠠᠷ ᠨᠢ ᠪᠠᠭᠤᠷᠠᠵᠤ᠂ ᠠᠭᠠᠵᠢᠮ ᠢᠶᠠᠷ ᠪᠤᠭᠤᠷᠤᠯᠲᠤᠳᠠᠭ ᠶᠤᠮ ᠪᠠᠶᠢᠨ᠎ᠠ᠃      ᠬᠠᠷ᠎ᠠ ᠥᠩᠭᠡᠨ ᠤ ᠡᠳ᠋ ᠡᠭᠦᠰᠬᠦ ᠶᠠᠪᠤᠴᠠ ᠳᠤ ᠵᠡᠰ᠂ ᠴᠠᠶᠢᠷ᠂ ᠲᠡᠮᠦᠷ ᠵᠡᠷᠭᠡ ᠪᠢᠴᠢᠯ ᠡᠯᠧᠮᠧᠨ᠋ᠲ ᠬᠡᠷᠡᠭᠲᠡᠢ᠃ ᠬᠡᠷᠪᠡ ᠬᠥᠮᠥᠨ ᠤ ᠪᠡᠶ᠎ᠡ ᠳᠤ ᠡᠲᠡᠭᠡᠷ ᠡᠯᠧᠮᠧᠨ᠋ᠲ ᠳᠤᠲᠠᠭᠳᠠᠪᠠᠯ᠂ ᠬᠠᠷ᠎ᠠ ᠥᠩᠭᠡᠨ ᠤ ᠡᠳ᠋ ᠤᠨ ᠪᠣᠶ ᠪᠣᠯᠬᠤ ᠶᠢ ᠨᠥᠯᠥᠭᠡᠯᠡᠬᠦ ᠪᠣᠯᠬᠤᠷ ᠭᠡᠵᠢᠭᠡ ᠰᠢᠷᠠᠯᠠᠬᠤ ᠪᠤᠶᠤ ᠴᠢᠨᠠᠭᠰᠢᠯᠠᠭᠠᠳ ᠴᠠᠶᠢᠷᠠᠳᠠᠭ᠃ ᠡᠭᠦᠨ ᠠᠴᠠ ᠭᠠᠳᠠᠨ᠎ᠠ᠂ ᠤᠳᠤᠮᠰᠢᠯ᠂ ᠣᠶᠣᠨ ᠰᠠᠨᠠᠭᠠᠨ ᠤ ᠨᠥᠯᠥᠭᠡᠯᠡᠯ ᠵᠡᠷᠭᠡ ᠨᠢ ᠪᠠᠰᠠ ᠦᠰᠦ ᠴᠠᠶᠢᠬᠤ ᠶᠢᠨ ᠴᠢᠬᠤᠯᠠ ᠰᠢᠯᠲᠠᠭᠠᠨ ᠪᠣᠯᠵᠤ ᠪᠠᠶᠢᠭ᠎ᠠ ᠶᠤᠮ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号