ᠮᠠᠯᠴᠢᠨ ᠵᠢᠷᠤᠭᠴᠢᠨ ᠤ ᠣᠷᠠᠨ ᠪᠦᠲᠦᠭᠡᠯ
ᠨᠡᠶᠢᠲᠡᠯᠡᠭᠰᠡᠨ ᠴᠠᠭ᠄
2022/11/14
                ᠮᠠᠯᠴᠢᠨ ᠵᠢᠷᠤᠭᠴᠢᠨ ᠤ  ᠣᠷᠠᠨ ᠪᠦᠲᠦᠭᠡᠯ       ᠪᠠᠲᠤ ᠪᠣᠯ ᠪᠠᠷᠠᠭᠤᠨ ᠦᠵᠦᠮᠦᠴᠢᠨ ᠬᠤᠰᠢᠭᠤᠨ ᠤ ᠤᠯᠠᠭᠠᠨᠬᠠᠭᠠᠯᠭ᠎ᠠ ᠰᠤᠮᠤᠨ ᠤ ᠰᠠᠷᠠᠭᠤᠯ ᠭᠠᠴᠠᠭᠠᠨ ᠤ ᠡᠩ  ᠤᠨ ᠨᠢᠭᠡᠨ ᠮᠠᠯᠴᠢᠨ᠃ ᠲᠡᠷᠡ ᠬᠠᠷᠠᠬᠠᠨ ᠪᠠᠭ᠎ᠠ ᠨᠠᠰᠤᠨ ᠠᠴᠠ ᠪᠠᠨ ᠵᠢᠷᠤᠭ ᠵᠢᠷᠤᠬᠤ ᠳᠤᠷᠠᠲᠠᠢ ᠪᠠᠶᠢᠵᠤ ᠤᠳᠤ  ᠪᠣᠯᠲᠠᠯ᠎ᠠ  ᠵᠢᠷᠤᠭ ᠢᠶᠠᠨ ᠵᠢᠷᠤᠭᠰᠠᠭᠠᠷ  ᠯᠠ  ᠶᠠᠪᠣᠨ᠎ᠠ᠃
   ᠮᠠᠯᠴᠢᠨ ᠪᠠᠲᠤ ᠶᠢᠨ ᠵᠢᠷᠤᠭ ᠨᠢ ᠭᠤᠤᠯᠳᠠᠭᠤ ᠬᠠᠷᠠᠵᠤ ᠵᠢᠷᠤᠬᠤ ᠪᠠᠷ ᠭᠤᠤᠯᠳᠠᠵᠤ ᠤᠨᠴᠠᠭᠠᠶᠢᠯᠠᠨ ᠮᠡᠳᠡᠭᠡᠵᠢ ᠶᠢᠨ ᠲᠠᠨᠢᠵᠤ ᠮᠡᠳᠡᠳᠡᠭ ᠬᠦᠮᠦᠨ ᠤ ᠰᠡᠭᠦᠳᠡᠷ ᠵᠢᠷᠤᠭ ᠢ ᠰᠢᠭᠤᠳ ᠬᠠᠷᠠᠵᠤ ᠵᠢᠷᠤᠭᠰᠠᠨ ᠵᠢᠷᠤᠭ ᠤᠯᠠᠨ ᠲᠤᠭ᠎ᠠ ᠶᠢ ᠡᠵᠡᠯᠡᠵᠤ ᠣᠳᠣᠬᠠᠨ ᠪᠣᠯᠳᠠᠯ᠎ᠠ 300 ᠭᠠᠷᠣᠢ ᠪᠣᠷᠣ ᠵᠢᠷᠤᠭ ᠵᠢᠷᠣᠭᠰᠠᠨ ᠪᠠᠶᠢᠯ᠎ᠠ ᠪᠠᠶᠢᠯ᠎ᠠ᠃ ᠡᠭᠦᠨ ᠠᠴᠠ ᠭᠠᠳᠠᠨ᠎ᠠ ᠲᠡᠭᠦᠨ ᠤ ᠵᠢᠷᠤᠭ ᠲᠤ ᠲᠠᠪᠤᠨ ᠬᠤᠰᠢᠭᠤ ᠮᠠᠯ᠂ ᠵᠡᠷᠯᠢᠭ ᠠᠮᠢᠲᠠᠨ᠂ ᠨᠡᠭᠦᠳᠡᠯ ᠰᠣᠶᠤᠯ ᠤᠨ ᠤᠯᠠ ᠮᠦᠷ ᠢ ᠳᠤᠰᠬᠠᠭᠰᠠᠨ ᠵᠢᠷᠤᠭ ᠤᠳ ᠪᠠᠶᠢᠬᠤ ᠠᠴᠠ ᠭᠠᠳᠠᠨ᠎ᠠ ᠢᠰᠡᠭᠡᠢ ᠲᠠᠭᠠᠷᠴᠤᠭ᠂ ᠠᠮᠢᠲᠠᠨ ᠤ ᠵᠠᠭᠪᠤᠷᠢ᠂  ᠰᠢᠪᠠᠮᠠᠯ ᠬᠡᠤᠬᠡᠯᠳᠡᠢ ᠴᠦ ᠬᠠᠷᠠᠭᠳᠠᠵᠤ ᠭᠡᠷ ᠤᠷᠤᠨ ᠳᠠᠭᠠᠨ ᠦᠵᠡᠮᠵᠢ ᠪᠤᠯᠭᠠᠨ ᠲᠠᠯᠪᠢᠭᠰᠠᠨ ᠬᠠᠷᠠᠭᠳᠠᠵᠤ ᠪᠠᠶᠢᠯ᠎ᠠ  ᠃
       ᠪᠠᠳᠣ ᠮᠠᠯ ᠠᠵᠤ ᠠᠬᠤᠢ ᠪᠠᠨ ᠳᠣᠳᠣᠮᠳᠠᠬᠤ ᠶᠢᠨ ᠳᠠᠭᠠᠣ ᠥᠪᠡᠷ ᠤᠨ ᠳᠣᠷ᠎ᠠ ᠪᠠᠭ᠋ᠠᠳᠠᠢ  ᠵᠢᠷᠤᠭ ᠵᠢᠷᠤᠬᠤ ᠣᠷᠣᠯᠳᠣᠯᠭ᠎ᠠ ᠪᠠᠨ ᠶᠡᠷᠤ ᠠᠴᠠ ᠬᠠᠶᠠᠭᠰᠠᠨ ᠦᠭᠡᠢ ᠴᠢᠯᠦᠭᠡ ᠯᠠ ᠭᠠᠷᠪᠠᠯ ᠪᠤᠳᠣᠯ ᠳᠤ ᠣᠷᠣᠭᠰᠠᠨ ᠵᠦᠢᠯ᠂ ᠲᠣᠷᠠᠰᠣᠯ ᠮᠦᠷᠦᠭᠡᠳᠦᠯ ᠲᠠᠢ ᠲᠦᠷᠢ᠂ ᠬᠠᠷᠠᠭᠠᠨ ᠳᠤ ᠰᠢᠩᠭᠡᠭᠰᠡᠨ ᠲᠦᠷᠢ ᠵᠢᠷᠤᠭ ᠢᠶᠠᠨ ᠪᠢᠷ ᠴᠠᠭᠠᠰᠤ ᠨᠡᠶᠢᠯᠡᠭᠦᠯᠦᠨ ᠵᠢᠷᠣᠵᠣ  ᠂ ᠬᠠᠶᠠ ᠰᠠᠨᠠᠭᠠᠨ ᠳᠤ ᠬᠦᠷᠦᠭᠰᠡᠨ ᠪᠦᠳᠦᠭᠡᠯ ᠢᠶᠠᠨ ᠸᠢᠴᠠᠲ ᠢᠶᠠᠷ ᠨᠠᠶᠢᠳᠡᠯᠡᠵᠦ  ᠣᠯᠠᠨ ᠲᠠᠢ ᠪᠠᠨ ᠬᠤᠪᠢᠶᠠᠯᠴᠠᠳᠠᠭ ᠪᠠᠶᠢᠨ᠎ᠠ ᠃  ᠢᠩᠭᠢᠭᠰᠡᠨ ᠢᠶᠠᠷ ᠪᠠᠳᠣ ᠶᠢᠨ ᠲᠠᠨᠢᠯ ᠠᠬ᠎ᠠ ᠲᠡᠭᠦᠦ ᠪᠤᠶᠤ ᠰᠠᠳᠣᠨ ᠲᠦᠷᠦᠯ ᠨᠢ ᠲᠡᠭᠦᠨ ᠢᠶᠠᠷ ᠵᠠᠷᠢᠮ ᠬᠠᠭᠤᠴᠢᠨ ᠰᠡᠭᠦᠳᠡᠷ ᠵᠢᠷᠤᠭ ᠢ  ᠰᠡᠷᠭᠦᠭᠡᠨ ᠵᠢᠷᠤᠭᠤᠯᠬᠤ ᠪᠠᠷ ᠡᠷᠢᠵᠦ  ᠢᠷᠡᠳᠡᠭ  ᠪᠠᠶᠢᠵᠣ᠂ ᠲᠡᠷᠡ ᠴᠦ ᠪᠣᠰᠣᠳ ᠲᠤ ᠵᠢᠷᠤᠭ ᠵᠢᠷᠣᠵᠣ ᠦᠭᠭᠦᠭᠰᠡᠨ ᠬᠠᠷᠠᠮᠵᠢ ᠮᠥᠩᠭᠦ  ᠠᠪᠳᠠᠭ ᠦᠭᠡᠢ  ᠪᠠᠶᠢᠵᠠᠢ᠃
   ᠲᠡᠭᠦᠨ ᠢᠶᠠᠷ ᠣᠶᠢᠷ᠎ᠠ ᠲᠦᠰᠦᠷ  ᠬᠤᠰᠢᠭᠤ ᠨᠤᠲᠤᠭ ᠤᠨ ᠬᠢᠨ ᠳᠡᠳᠦᠢ ᠦᠭᠡᠢ ᠠᠯᠠᠱᠠ ᠠᠶᠢᠮᠠᠭ᠂ ᠬᠦᠯᠦᠨ ᠪᠤᠶᠢᠷ ᠬᠤᠳᠠ ᠵᠡᠷᠭᠡ ᠭᠠᠳᠠᠨ᠎ᠠ ᠠᠶᠢᠮᠠᠭ᠂ ᠬᠤᠰᠢᠭᠤ  ᠨᠢᠭᠡᠴᠡ ᠶᠢᠨ ᠬᠦᠮᠦᠰ ᠴᠦ ᠵᠢᠷᠤᠭ ᠰᠡᠭᠦᠳᠡᠷ ᠵᠢᠷᠤᠭᠤᠯᠳᠠᠭ ᠪᠠᠶᠢᠯ᠎ᠠ᠃
    ᠲᠡᠷᠡᠪᠡᠷ ᠨᠢᠭᠡ ᠮᠠᠯᠴᠢᠨ ᠬᠦᠮᠦᠨ ᠤ ᠬᠤᠪᠢ ᠪᠠᠷ ᠪᠤᠷᠤᠭᠵᠢᠭᠤᠨ ᠠᠮᠢᠳᠤᠷᠠᠯ ᠢᠶᠠᠨ ᠵᠢᠷᠤᠵᠤ  ᠂ ᠰᠡᠳᠬᠢᠯ ᠰᠠᠨᠠᠭᠠᠨ  ᠳᠠᠭᠠᠨ ᠶᠠᠭᠤ ᠤᠷᠤᠭᠰᠠᠨ ᠪᠣᠯ ᠲᠡᠭᠦᠨ ᠢᠶᠠᠨ ᠵᠢᠷᠤᠵᠤ ᠰᠡᠶᠢᠯᠡᠵᠤ ᠢᠷᠡᠭᠰᠡᠨ ᠮᠠᠯᠴᠢᠨ ᠵᠠᠶᠠᠭᠠᠨ ᠤ ᠡᠵᠡᠨ ᠡ  ᠃  ᠪᠠᠳᠤ ᠦᠪᠡᠷ ᠤᠨ ᠵᠢᠷᠤᠭᠰᠠᠨ ᠬᠡᠳᠤᠨ ᠵᠠᠭᠤᠨ ᠵᠢᠷᠤᠭ ᠢᠶᠠᠨ ᠲᠢᠭᠯᠡᠵᠤ ᠡᠮᠬᠢᠳᠬᠡᠭᠡᠳ ᠵᠢᠷᠤᠭ ᠤᠨ ᠳᠡᠪᠲᠡᠷ ᠪᠤᠯᠭᠠᠨ ᠲᠡᠭᠦᠪᠦᠷᠢᠯᠡᠭᠡᠳ ᠦᠪᠯᠡᠨ ᠬᠠᠳᠠᠭᠠᠯᠠᠬᠤ  ᠪᠣᠳᠣᠯ ᠲᠠᠢ ᠪᠠᠶᠢᠭ᠎ᠠ ᠪᠠᠨ ᠪᠢᠳᠡᠨ ᠳᠤ  ᠶᠠᠷᠢᠯ᠎ᠠ᠃      
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号