ᠮᠠᠰᠢᠨ ᠳᠠᠭᠠᠨ ᠰᠠᠶᠢᠨ ᠬᠠᠳᠤᠯᠠᠩᠴᠢᠨ ᠪᠦᠰᠡᠬᠦᠢ | | ᠪᠦᠰᠡᠭᠦᠢ ᠬᠦᠮᠦᠨ ᠢ ᠠᠶᠢᠯ ᠠᠮᠢᠳᠣᠷᠠᠯ ᠤᠨ ᠢᠶᠠᠨ ᠬᠠᠭᠠᠰ ᠲᠣᠯᠭᠠᠭᠤᠷᠢ ᠭᠡᠳᠡᠭ᠂ ᠦᠢᠯᠡ ᠣᠶᠣᠳᠠᠯ ᠳᠤ ᠲᠡᠮᠳᠡᠢ᠂ | ᠠᠵᠢᠯ ᠬᠦᠳᠡᠯᠮᠦᠷᠢ ᠳᠤ ᠭᠠᠷᠮᠠᠭᠠᠢ ᠦᠢ ᠣᠯᠠᠨ ᠦᠵᠦᠮᠦᠴᠢᠨ ᠪᠦᠰᠡᠭᠦᠶᠢᠴᠣᠳ ᠤᠨ ᠨᠢᠭᠡ ᠪᠤᠯ ᠮᠥᠩᠭᠦᠨᠴᠡᠴᠡᠭ ᠶᠣᠮ᠃ | | | ᠡᠯ᠎ᠡ ᠵᠦᠢᠯ ᠤᠨ ᠮᠠᠰᠢᠨ ᠪᠠᠭᠠᠵᠢ ᠶᠢ ᠰᠠᠨᠠᠭ᠎ᠠ ᠪᠠᠷ ᠢᠶᠠᠨ ᠬᠡᠷᠡᠭᠯᠡᠵᠦ ᠮᠠᠯ ᠮᠠᠯᠵᠢᠯ ᠳᠠᠭᠠᠨ ᠠᠰᠢᠭᠯᠠᠵᠦ ᠶᠠᠪᠤᠭ᠎ᠠ ᠮᠠᠯᠴᠢᠨ | ᠪᠦᠰᠡᠬᠦᠢ ᠮᠦᠡᠭᠬᠦᠡᠴᠡᠴᠡᠭ ᠪᠤᠯ ᠪᠠᠷᠠᠭᠤᠨ ᠦᠵᠦᠮᠦᠴᠢᠨ ᠬᠤᠰᠢᠭᠤᠨ ᠤ ᠪᠠᠶᠠᠡᠬᠤᠰᠢᠭᠤ ᠰᠤᠮᠤᠨ ᠤ ᠰᠤᠩᠬᠢᠨ᠎ᠠ ᠭᠠᠴᠠᠭᠠᠨ | ᠤ ᠮᠠᠯᠴᠢᠨ ᠶᠤᠮ᠃ ᠲᠡᠷᠡ ᠠᠶᠢᠯ ᠭᠡᠷ ᠪᠤᠯᠤᠭᠰᠠᠨ ᠠᠴᠠ ᠪᠠᠨ ᠨᠠᠰᠢ ᠲᠦᠷᠪᠡᠨ ᠣᠯᠠᠷᠢᠯ ᠤᠨ ᠡᠬᠡᠯᠵᠢ ᠬᠠᠯᠠᠭ᠎ᠠ ᠦᠬᠡᠢ | ᠠᠵᠢᠯ ᠤᠳ ᠢ ᠨᠦᠬᠦᠷ ᠢᠶᠠᠨ ᠬᠠᠮᠵᠢᠨ ᠬᠤᠶᠢᠰᠢ ᠰᠠᠭᠤᠯ ᠦᠭᠡᠢ ᠬᠢᠵᠦ ᠢᠷᠡᠭᠰᠡᠨ ᠪᠦᠭᠡᠳ ᠠᠶᠢᠯ ᠬᠡᠷ ᠤᠨ ᠢᠶᠠᠨ ᠡᠳᠦᠷ | ᠲᠤᠳᠤᠮ ᠤᠨ ᠠᠵᠢᠯ ᠢ ᠴᠠᠭ ᠴᠠᠭ ᠲᠤᠨᠢ ᠠᠮᠵᠢᠭᠤᠯᠤᠨ ᠬᠢᠵᠦ᠂ ᠬᠡᠤᠬᠡᠳ ᠢᠶᠠᠨ ᠦᠰᠭᠡᠨ᠂ ᠠᠵᠢᠯ ᠬᠦᠳᠡᠯᠮᠦᠷᠢ ᠶᠢᠨ | ᠠᠮᠵᠢᠯᠳᠠ᠂ ᠦᠢᠯᠡ ᠤᠶᠤᠳᠠᠯ ᠤᠨ ᠤᠷᠠᠨ ᠢᠶᠠᠷ ᠢᠶᠠᠨ ᠨᠤᠲᠤᠭ ᠤᠰᠤᠨ ᠤ ᠬᠢ ᠪᠠᠨ ᠭᠠᠶᠢᠬᠠᠭᠤᠯᠵᠦ ᠶᠠᠪᠣᠵᠠᠢ᠃ | | | ᠲᠡᠷᠡᠪᠡᠷ ᠮᠠᠰᠢᠨ ᠮᠧᠬᠠᠨᠢᠭ ᠲᠤ ᠴᠦ ᠰᠠᠶᠢᠨ᠂ ᠵᠦᠪᠭᠡᠨ ᠮᠠᠰᠢᠨ ᠲᠷᠺᠲ᠋ᠤᠷ ᠵᠢᠯᠤᠭᠤᠳᠬᠤ ᠯᠡ ᠲᠡᠳᠦᠢ ᠪᠢᠰᠢ᠂ | ᠡᠪᠡᠰᠦᠨ ᠮᠠᠰᠢᠨ ᠤ ᠪᠠᠨ ᠬᠢᠲᠤᠭ᠎ᠠ ᠶᠢ ᠪᠢᠯᠡᠬᠦᠳᠡᠬᠦ᠂ ᠡᠯᠡᠭᠳᠡᠭᠰᠡᠨ ᠲᠤᠨᠤᠭ ᠢ ᠵᠠᠰᠠᠵᠦ ᠰᠤᠯᠢᠬᠤ᠂ ᠰᠤᠯᠠᠷᠠᠭᠰᠠᠨ ᠡᠷᠬᠢ | ᠱᠤᠷᠠᠭ ᠢ ᠨᠢ ᠴᠢᠩᠭᠠᠯᠠᠬᠤ ᠬᠡᠳ ᠶᠠᠭᠤ ᠪᠦᠬᠦᠨ ᠢ ᠦᠪᠡᠷ ᠢᠶᠠᠨ ᠤᠷᠤᠯᠳᠤᠴᠢᠬᠠᠳᠠᠭ ᠤᠷᠠᠪᠴᠢᠬᠠᠨ ᠪᠦᠰᠡᠬᠦᠢ ᠶᠤᠮ᠃ | | | 2018 ᠤᠨ ᠳᠤ ᠬᠤᠶᠠᠷ ᠬᠤᠤᠰ ᠬᠢᠲᠤᠭ᠎ᠠ ᠲᠠᠢ ᠡᠪᠡᠰᠦᠨ ᠮᠠᠰᠢᠨ ᠪᠠ ᠡᠪᠡᠰᠦ ᠪᠤᠭᠤᠵᠢᠯᠠᠬᠤ ᠮᠠᠰᠢᠨ ᠠᠪᠤᠭᠰᠠᠨ | ᠠᠴᠠ ᠪᠠᠨ ᠨᠠᠰᠢ ᠮᠦᠡᠭᠬᠦᠡᠴᠡᠴᠡᠭ ᠨᠦᠬᠦᠷ ᠲᠠᠢ ᠪᠠᠨ ᠬᠤᠶᠠᠭᠤᠯᠠ ᠦᠪᠡᠷ ᠤᠨ ᠢᠶᠠᠨ ᠬᠠᠳᠤᠯᠠᠩ ᠢ ᠬᠠᠳᠤᠬᠤ ᠪᠠᠷ | ᠪᠠᠷᠠᠬᠤ ᠦᠬᠡᠢ᠂ ᠦᠢᠷ᠎ᠠ ᠤᠷᠴᠢᠮ ᠤᠨ ᠠᠶᠢᠯ ᠤᠳ ᠤᠨ ᠢᠶᠠᠨ ᠬᠠᠳᠤᠯᠠᠩ ᠢ ᠬᠠᠳᠤᠵᠦ ᠪᠤᠭᠤᠵᠢᠯᠠᠨ᠂ ᠠᠷᠪᠠ ᠭᠠᠷᠤᠢ | ᠲᠦᠮᠡᠨ ᠲᠦᠬᠦᠷᠢᠭ ᠤᠨ ᠴᠡᠪᠡᠷ ᠤᠷᠤᠯᠭ᠎ᠠ ᠤᠯᠵᠦ᠂ ᠠᠵᠦ ᠠᠮᠢᠳᠤᠷᠠᠯ ᠳᠠᠭᠠᠨ ᠨᠡᠮᠡᠷᠢ ᠪᠤᠯᠭᠠᠵᠦ ᠶᠠᠪᠤᠨ᠎ᠠ᠃ |