ᠣᠷ᠎ᠠ ᠰᠢᠯᠭᠠᠭᠰᠠᠨ ᠥᠩᠭᠡ ᠲᠡᠪᠡᠯ
ᠨᠡᠶᠢᠲᠡᠯᠡᠭᠰᠡᠨ ᠴᠠᠭ᠄
2021/11/26
            ᠣᠷ᠎ᠠ ᠰᠢᠯᠭᠠᠭᠰᠠᠨ ᠥᠩᠭᠡ ᠲᠡᠪᠡᠯ                                              ᠪᠠᠷᠠᠭᠤᠨ ᠦᠵᠦᠮᠦᠴᠢᠨ ᠬᠤᠰᠢᠭᠤᠨ ᠤ ᠪᠠᠯᠭᠠᠷᠭᠤᠣᠯ ᠪᠠᠯᠭᠠᠰᠣᠨ  ᠳᠠᠬᠢ ︽ᠠᠭᠢ︾ ᠦᠨᠳᠦᠰᠦᠲᠡᠨ ᠤ ᠬᠤᠪᠴᠠᠰᠣ ᠵᠠᠰᠠᠯ  ᠤᠨ ᠳᠡᠯᠭᠡᠭᠦᠷ  ᠨᠢ ᠦᠵᠦᠮᠦᠴᠢᠨ ᠤᠲᠤᠮᠠᠯ ᠠᠷᠠᠰᠣᠨ ᠥᠩᠭᠡ ᠳᠡᠪᠡᠯ ᠣᠶᠤᠵᠤ ᠣᠷᠠᠯᠠᠳᠠᠭ ᠢᠶᠠᠷ ᠢᠶᠠᠨ ᠣᠨᠴᠠᠯᠢᠭᠳᠠᠨ᠂  ᠬᠡᠷᠡᠭᠯᠡᠭᠴᠢᠳ ᠤᠨ ᠳᠠᠭᠠᠰᠢᠶᠠᠯ ᠳᠤ ᠬᠦᠷᠴᠦ  ᠂ ᠵᠠᠬᠢᠶᠠᠯᠠᠭ᠎ᠠ ᠶᠡᠷᠥ ᠳᠠᠰᠣᠷᠠᠳᠠᠭ  ᠦᠭᠡᠢ  ᠃
   ᠳᠡᠯᠭᠡᠭᠦᠷ ᠤᠨ ᠡᠵᠡᠨᠲᠡᠨ ᠢ ᠣᠳᠣᠨᠭᠡᠷᠡᠯ ᠭᠡᠳᠡᠭ᠃ ᠣᠳᠣᠨᠭᠡᠷᠡᠯ ᠬᠠᠷᠠᠬᠠᠠᠨ ᠪᠠᠭ᠎ᠠ ᠠᠴᠠ ᠤᠷ᠎ᠠ ᠤᠶᠤᠳᠠᠯ ᠳᠤ ᠳᠤᠷ᠎ᠠ ᠪᠠᠭ᠋ᠠᠲᠠᠢ ᠪᠠᠶᠢᠭᠰᠠᠨ ᠢᠶᠠᠷ ᠪᠠᠷᠠᠬᠤ ᠦᠭᠡᠢ ᠡᠨᠡ ᠲᠠᠯ᠎ᠠ ᠳᠤ ᠳᠠᠯᠳᠠ ᠶᠢᠨ ᠠᠪᠢᠶᠠᠰ ᠲᠠᠢ ᠪᠠᠶᠢᠵᠤ᠂  ᠡᠵᠢ ᠪᠠᠨ ᠳᠠᠭᠠᠵᠤ ᠳᠣᠩ ᠣᠳᠠᠯ ᠦᠭᠡᠢ ᠣᠶᠣᠳᠠᠯ ᠤᠨ  ᠤᠷ᠎ᠠ ᠮᠡᠷᠭᠡᠵᠢᠯ  ᠳᠤ  ᠴᠠᠭᠠᠷᠠᠵᠠᠢ᠃ ᠲᠡᠷᠡᠪᠡᠷ 2013 ᠣᠨ ᠳᠤ ︽ᠠᠭᠢ︾ ᠦᠨᠳᠦᠰᠦᠲᠡᠨ ᠤ ᠬᠤᠪᠴᠠᠰᠣ ᠵᠠᠰᠠᠯ  ᠤᠨ ᠳᠡᠯᠭᠡᠭᠦᠷ  ᠢᠶᠠᠨ ᠡᠷᠬᠢᠯᠡᠨ ᠠᠵᠢᠯᠯᠠᠭᠤᠯᠬᠤ ᠶᠢᠨ ᠳᠠᠭᠠᠤ ᠣᠳᠤ ᠮᠠᠶ᠋ᠢᠭ ᠤᠨ ᠮᠣᠩᠭᠤᠯ ᠬᠤᠪᠴᠠᠰᠣ ᠵᠠᠰᠠᠯ ᠤᠨ ᠡᠰᠭᠡᠵᠥ ᠣᠷᠠᠯᠠᠬᠤ ᠮᠡᠷᠭᠡᠵᠢᠯ ᠢ ᠭᠦᠨᠵᠡᠭᠡᠢ ᠰᠣᠷᠣᠯᠴᠠᠨ ᠤᠷ᠎ᠠ ᠮᠡᠷᠭᠡᠵᠢᠯ  ᠢᠶᠠᠨ ᠳᠡᠭᠡᠭᠰᠢᠯᠡᠭᠦᠯᠵᠦ᠂ ᠤᠯᠠᠮᠵᠢᠯᠠᠯᠲᠤ ᠤᠲᠤᠮᠠᠯ ᠳᠡᠪᠡᠯ ᠤᠨ ᠤᠶᠤᠳᠠᠯ ᠪᠤᠯᠤᠨ ᠣᠳᠤ ᠮᠠᠶ᠋ᠢᠭ ᠤᠨ ᠤᠶᠤᠳᠠᠯ ᠤᠨ ᠮᠡᠷᠭᠡᠵᠢᠯ ᠢ ᠠᠭᠤᠰᠣᠯᠴᠠᠭᠤᠯᠤᠨ ᠰᠢᠨ᠎ᠡ ᠶᠠᠩᠵᠦ ᠬᠡᠯᠪᠡᠷᠢ ᠶᠢᠨ ᠠᠷᠠᠰᠣᠨ ᠬᠤᠪᠴᠠᠰᠤ ᠶᠢ ᠣᠷᠠᠯᠠᠨ ᠤᠶᠤᠵᠤ ᠬᠡᠷᠡᠭᠯᠡᠭᠴᠢᠳ ᠤᠨ ᠳᠤᠷ᠎ᠠ ᠰᠣᠨᠢᠷᠬᠠᠯ ᠢ  ᠲᠠᠲᠠᠵᠠᠢ᠃
   ᠣᠳᠣᠨᠭᠡᠷᠡᠯ  ᠤᠨ ᠡᠵᠢ ᠮᠦᠳᠠᠨ ᠨᠠᠰᠣᠲᠠᠨ ᠦᠵᠦᠮᠦᠴᠢᠨ ᠨᠤᠲᠤᠭ ᠲᠤ ᠯᠡ ᠤᠶᠤᠵᠤ ᠡᠮᠦᠰᠳᠡᠭ ᠤᠲᠤᠮᠠᠯ ᠠᠷᠠᠰᠣᠨ ᠥᠩᠭᠡ ᠳᠡᠪᠡᠯ  ᠢ ᠣᠨᠴᠠ  ᠰᠠᠶᠢᠬᠠᠨ  ᠣᠲᠤᠵᠤ ᠣᠶᠤᠳᠠᠭ ᠢᠶᠠᠷ ᠢᠶᠠᠨ  ᠠᠯᠳᠠᠷᠰᠢᠵᠤ᠂  ᠡᠭᠦᠪᠡᠷ ᠤᠲᠤᠮᠠᠯ ᠠᠷᠠᠰᠣᠨ ᠥᠩᠭᠡ ᠳᠡᠪᠡᠯ ᠤᠨ ᠬᠤᠰᠢᠭᠤ ᠲᠡᠰ ᠤᠨ ᠥᠪᠯᠡᠨ ᠤᠯᠠᠮᠵᠢᠯᠠᠭᠴᠢ ᠪᠠᠷ  ᠥᠨᠡᠯᠡᠭᠳᠡᠨ᠂ ᠭᠠᠷ ᠤᠨ  ᠤᠷ᠎ᠠ ᠪᠠᠨ  ᠥᠪᠡᠷ ᠤᠨ ᠥᠬᠢᠨ ᠪᠤᠯᠤᠨ  ᠬᠤᠶᠢᠴᠢ ᠦᠶ᠎ᠡ ᠶᠢᠨ ᠵᠠᠯᠠᠭᠤᠴᠤᠳ ᠲᠤ ᠥᠪᠯᠠᠨ ᠤᠯᠠᠮᠵᠢᠯᠠᠬᠤ ᠶᠢ ᠵᠣᠷᠢᠵᠤ᠂ ᠵᠢᠯ ᠤᠨ ᠳᠦᠷᠪᠡᠨ ᠤᠯᠠᠷᠢᠯ ᠳᠤ  ᠦᠢᠯᠡ ᠤᠶᠤᠳᠠᠯ ᠠᠴᠠ ᠰᠠᠯᠳᠠᠭ ᠦᠭᠡᠢ ᠪᠠᠶᠢᠵᠤ᠂ ᠠᠷᠠᠰᠤ ᠢᠳᠡᠭᠡᠯᠡᠨ ᠡᠳ᠋ᠰᠢᠯᠡᠭᠦᠯᠵᠦ ᠤᠯᠠᠮᠵᠢᠯᠠᠯᠲᠤ ᠤᠲᠤᠮᠠᠯ ᠠᠷᠠᠰᠣᠨ ᠥᠩᠭᠡ ᠳᠡᠪᠡᠯ  ᠣᠶᠤᠵᠤ ᠣᠷᠠᠯᠠᠳᠠᠭ ᠪᠠᠶᠢᠵᠠᠢ᠃  ᠮᠦᠳᠡᠨ ᠨᠠᠰᠣᠲᠠᠨ ᠠᠷᠠᠰᠤ ᠢᠳᠡᠭᠡᠯᠡᠵᠦ ᠡᠳ᠋ᠰᠢᠯᠡᠭᠦᠯᠬᠦ  ᠳᠡᠭᠡᠨ ᠶᠡᠷᠥ ᠠᠴᠠ ᠮᠠᠰᠢᠨ ᠲᠥᠬᠦᠭᠡᠷᠦᠮᠵᠢ ᠬᠡᠷᠡᠭᠯᠡᠳᠡᠭ ᠦᠭᠡᠢ᠂ ᠣᠯᠠᠮᠵᠢᠯᠠᠯᠲᠤ ᠠᠷᠭ᠎ᠠ  ᠪᠠᠷ ᠠᠶᠢᠷᠠᠭ ᠴᠠᠭᠠᠨ ᠳᠠᠭᠠᠨ ᠬᠢᠵᠦ ᠢᠳᠡᠭᠡᠯᠡᠨ  ᠣᠲᠤᠵᠤ  ᠡᠳ᠋ᠰᠢᠯᠡᠭᠦᠯᠦᠨ ᠤᠲᠤᠮᠠᠯ ᠠᠷᠠᠰᠤᠨ ᠤ ᠪᠠᠨ ᠴᠢᠨᠠᠷ ᠢ ᠪᠠᠲᠤᠯᠠᠳᠠᠭ ᠪᠠᠶᠢᠨ᠎ᠠ᠃
      ᠡᠨᠡᠬᠦ ᠣᠯᠠᠮᠵᠢᠯᠠᠯᠲᠤ ᠠᠷᠭ᠎ᠠ  ᠪᠠᠷ  ᠢᠳᠡᠭᠡᠯᠡᠵᠦ ᠡᠳ᠋ᠰᠢᠯᠡᠭᠦᠯᠦᠭᠰᠡᠨ ᠴᠢᠨᠠᠷ  ᠰᠠᠶᠢᠲᠠᠢ ᠤᠲᠤᠮᠠᠯ ᠠᠷᠠᠰᠤ ᠪᠠᠷ ᠬᠢᠭᠰᠡᠨ ᠠᠷᠠᠰᠣᠨ ᠳᠡᠪᠡᠯ  ᠬᠤᠪᠴᠠᠰᠣ ᠨᠢ ᠮᠠᠰᠢ ᠣᠯᠠᠨ ᠣᠷᠤᠨ ᠨᠤᠲᠤᠭ ᠤᠨ ᠬᠡᠷᠡᠭᠯᠡᠭᠴᠢᠳ ᠤᠨ  ᠳᠠᠭᠠᠰᠢᠶᠠᠯ ᠢ  ᠣᠯᠳᠠᠭ ᠢᠶᠠᠷ ᠪᠠᠷᠠᠬᠤ ᠦᠭᠡᠢ ᠪᠡᠭᠡᠵᠢᠩ᠂  ᠬᠦᠬᠡᠨᠠᠭᠤᠷ ᠵᠡᠷᠭᠡ ᠭᠠᠳᠠᠨ᠎ᠠ ᠤᠷᠤᠨ ᠠᠶᠢᠮᠠᠭ ᠤᠨ ᠬᠡᠷᠡᠭᠯᠡᠭᠴᠢᠳ ᠴᠤ ᠰᠦᠯᠵᠢᠶ᠎ᠡ ᠪᠠᠷ ᠳᠠᠮᠵᠢᠨ ᠵᠠᠬᠢᠶᠠᠯᠠᠭ᠎ᠠ ᠥᠭᠴᠦ ᠬᠤᠳᠠᠯᠳᠤᠨ ᠠᠪᠳᠠᠭ ᠠᠴᠠ ᠠᠷᠠᠰᠣᠨ ᠳᠡᠪᠡᠯ  ᠬᠤᠪᠴᠠᠰᠣᠨ ᠤ ᠵᠠᠬᠢᠶᠠᠯᠠᠭ᠎ᠠ ᠨᠢ  ᠤᠯᠠᠮ ᠤᠯᠠᠰᠢᠷᠠᠵᠤ᠂ ᠤᠯᠠᠮᠵᠢᠯᠠᠯᠲᠤ ᠮᠠᠶ᠋ᠢᠭ ᠤᠨ ᠣᠲᠤᠮᠠᠯ ᠠᠷᠠᠰᠤᠨ ᠦᠩᠭᠡ ᠳᠡᠪᠡᠯ ᠪᠠ ᠰᠢᠨ᠎ᠡ ᠶᠠᠩᠵᠦ ᠶᠢᠨ ᠲᠡᠷᠯᠢᠭ ᠳᠡᠪᠡᠯ ᠠᠷᠠᠰᠣᠨ ᠬᠤᠪᠴᠠᠰᠤ ᠶᠢ ᠵᠢᠯ ᠳᠤ ᠪᠠᠷᠤᠭ ᠬᠤᠶᠠᠷ  ᠵᠠᠭᠤᠭᠠᠳ ᠵᠠᠬ᠎ᠠ ᠬᠤᠳᠠᠯᠳᠤᠨ ᠪᠤᠷᠤᠯᠠᠭᠤᠯᠵᠤ᠂ ᠵᠢᠯ ᠤᠨ ᠲᠡᠭᠰᠢᠳᠭᠡᠭᠰᠡᠨ ᠴᠡᠪᠡᠷ ᠣᠷᠣᠯᠭ᠎ᠠ ᠨᠢ ᠬᠤᠷᠢ ᠰᠢᠬᠠᠮ  ᠲᠥᠮᠡ ᠳᠤ ᠬᠦᠷᠳᠡᠭ ᠪᠠᠶᠢᠨ᠎ᠠ᠃
     ᠣᠳᠣᠨᠭᠡᠷᠡᠯ ᠡᠶᠢᠨᠬᠦ ᠡᠵᠢ ᠠᠴᠠ ᠪᠠᠨ  ᠤᠯᠠᠮᠵᠢᠯᠠᠯᠲᠤ ᠠᠷᠠᠰᠣ ᠢᠳᠡᠭᠡᠯᠡᠵᠦ ᠡᠳ᠋ᠰᠢᠯᠡᠭᠦᠯᠬᠦ ᠪᠠ ᠤᠲᠤᠮᠠᠯ ᠠᠷᠠᠰᠤᠨ ᠦᠩᠭᠡ ᠳᠡᠪᠡᠯ ᠤᠶᠤᠵᠣ ᠣᠷᠠᠯᠠᠬᠤ  ᠠᠷᠭ᠎ᠠ ᠶᠢ ᠨᠠᠷᠢᠨ ᠰᠤᠷᠬᠤ ᠶᠢᠨ ᠳᠠᠭᠠᠤ  ᠡᠭᠦᠨ ᠢ ᠪᠠᠨ ᠰᠢᠨ᠎ᠡ ᠮᠠᠶ᠋ᠢᠭ  ᠤᠨ ᠬᠤᠪᠴᠠᠰᠤ ᠵᠠᠰᠠᠯ ᠤᠨ ᠡᠰᠭᠡᠵᠦ ᠣᠷᠠᠯᠠᠬᠤ ᠮᠡᠷᠭᠡᠵᠢᠯ ᠲᠠᠢ ᠤᠶᠠᠯᠳᠣᠭᠤᠯᠣᠨ ᠴᠠᠭ ᠦᠶ᠎ᠡ ᠶᠢᠨ ᠥᠩᠭᠡ ᠠᠶᠠᠰ ᠳᠤ  ᠵᠣᠬᠢᠴᠠᠭᠤᠯᠤᠨ ᠣᠯᠠᠨ  ᠰᠠᠶᠢᠬᠠᠨ ᠰᠢᠨ᠎ᠡ  ᠶᠠᠩᠵᠤ ᠬᠡᠯᠪᠡᠷᠢ ᠶᠢᠨ ᠠᠷᠠᠰᠣᠨ ᠳᠡᠪᠡᠯ ᠬᠤᠪᠴᠠᠰᠤ ᠣᠶᠤᠵᠤ   ᠣᠷᠠᠯᠠᠨ  ᠤᠷᠢᠳ ᠬᠤᠵᠢᠳ  ᠮᠣᠩᠭᠤᠯ ᠬᠤᠪᠴᠠᠰᠣ ᠵᠠᠰᠠᠯ ᠤᠨ  ᠣᠷᠣᠯᠳᠣᠭᠠᠨ ᠲᠡᠮᠡᠴᠡᠭᠡᠨ ᠳᠤ ᠣᠯᠠᠨ ᠤᠳᠠᠭ᠎ᠠ  ᠣᠷᠣᠯᠴᠠᠵᠤ ᠰᠢᠯᠢᠳᠡᠭ ᠬᠢᠷᠢ  ᠪᠦᠲᠥᠮᠵᠢ ᠬᠦᠷᠲᠡᠨ ᠣᠯᠠᠮᠵᠢ ᠵᠠᠯᠭᠠᠮᠵᠢᠯᠠᠯ᠂ ᠰᠢᠨ᠎ᠡ ᠡᠭᠦᠳᠦᠯᠲᠡ ᠪᠠᠷ ᠤᠶᠤᠳᠠᠯ ᠦᠢᠯᠡ ᠶᠢᠨ ᠦᠢᠯᠡᠰ ᠲᠤ ᠪᠠᠨ ᠭᠢᠷᠠᠭᠤᠯᠵᠤ ᠶᠠᠪᠤᠨ᠎ᠠ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号