ᠨᠤᠮ ᠲᠠᠢ ᠠᠶᠠᠯᠠᠯ ᠦᠵᠦᠮᠦᠴᠢᠨ ᠨᠤᠳᠤᠭ ᠲᠤ ᠁
ᠨᠡᠶᠢᠲᠡᠯᠡᠭᠰᠡᠨ ᠴᠠᠭ᠄
2021/7/30
                 ᠨᠤᠮ ᠲᠠᠢ ᠠᠶᠠᠯᠠᠯ ᠦᠵᠦᠮᠦᠴᠢᠨ ᠨᠤᠳᠤᠭ ᠲᠤ ᠁                                           ᠬᠤᠷ᠎ᠠ  ᠪᠤᠷᠤᠭᠠᠨ ᠬᠤᠷᠸ᠎ᠠ ᠲᠡᠯᠡᠭᠡᠢ ᠶᠢ ᠤᠮᠳᠠᠯᠠᠵᠤ᠂  ᠦᠵᠦᠮᠦᠴᠢᠨ ᠨᠤᠳᠤᠭ  ᠦᠡᠭᠭᠡ ᠦᠵᠡᠮᠵᠢ ᠪᠠᠨ ᠭᠠᠶᠢᠬᠠᠭᠤᠯᠤᠬᠰᠠᠨ 7 ᠰᠠᠷ᠎ᠠ ᠶᠢᠨ 26 ᠤ  ᠡᠳᠦᠷ  ᠂ ᠦᠪᠦᠷ ᠮᠤᠩᠭᠤᠯ ᠤᠨ  ᠬᠠᠨᠢᠬᠠᠨ ᠰᠤᠶᠤᠯ ᠵᠠᠭᠤᠴᠢᠯᠠᠭᠤᠷ   ᠶᠢᠨ  ᠭᠢᠵᠠᠭᠠᠷᠳᠦ ᠺᠤᠮᠫᠠᠨᠢ   ᠠᠴᠠ  ᠵᠤᠭᠢᠶᠠᠨ ᠪᠠᠶᠢᠭᠤᠯᠤᠬᠰᠠᠨ  ︿︿100 ᠭᠦᠮᠦᠨ ᠤ  ᠨᠤᠮ ᠲᠠᠢ ᠠᠶᠠᠯᠠᠯ ᠵᠢᠴᠢ  ︿ᠬᠠᠨᠢᠬᠠᠨ ᠤᠳᠤᠨ  ﹀ ᠱᠠᠩᠨᠠᠯ ᠤᠯᠭᠤᠬᠤ  ᠦᠳᠡᠰᠢᠯᠡᠭᠡ  ﹀﹀  ᠪᠠᠭ᠋ᠠᠷᠤᠮ᠎ᠠ ᠰᠠᠶᠢᠬᠠᠨ ——  ᠮᠠᠨ ᠤ ᠬᠤᠰᠢᠭᠤᠨ   ᠳᠤ  ᠨᠢᠵᠢᠭᠡᠷ ᠰᠠᠶᠢᠬᠠᠨ  ᠶᠠᠪᠤᠬᠳᠠᠯ᠎ᠠ  ᠃     ᠡᠨᠡ  ᠤᠳᠠᠭᠠᠨ ᠤ  ᠠᠵᠢᠯᠯᠠᠭ᠎ᠠ ᠨᠢ ᠬᠠᠨᠢᠬᠠᠨ ᠺᠤᠮᠫᠠᠨᠢ   ᠶᠢᠨ  ᠵᠠᠭᠢᠷᠦᠯ  ᠪᠠᠳᠮᠠᠴᠡᠴᠡᠭ   ᠤᠨ ᠡᠭᠦᠰᠭᠡᠨ ᠪᠠᠶᠢᠭᠤᠯᠤᠬᠰᠠᠨ   ︽ᠬᠠᠨᠢᠬᠠᠨ ᠰᠤᠨᠤᠰᠳᠠᠭ ᠤᠨ  ᠲᠠᠪᠴᠠᠩ  ︾   ᠢᠶᠠᠷ  ᠲᠠᠮᠵᠢᠨ ᠤᠯᠠᠨ ᠠᠷᠪᠢᠨ  ᠨᠤᠮ ᠰᠤᠨᠤᠰᠴᠤ  ᠂ ᠤᠶᠤᠨ ᠤ  ᠰᠢᠮ᠎ᠡ ᠲᠡᠵᠢᠭᠡᠯ  ᠭᠦᠷᠳᠡᠭᠰᠡᠨ  ᠨᠤᠮ ᠤᠨ  ᠪᠠᠭ᠋ᠠᠳᠠᠳ ᠤᠨ ᠠᠭᠤᠯᠵᠠᠨ ᠲᠠᠨᠢᠯᠴᠠᠵᠤ  ᠂ ᠬᠠᠷᠢᠯᠴᠠᠨ  ᠰᠤᠷᠤᠯᠴᠠᠨ᠂ ᠨᠤᠮ ᠪᠢᠴᠢᠭ ᠰᠤᠯᠢᠯᠴᠠᠬᠤ  ᠬᠤᠪᠤᠷ ᠨᠠᠨᠳᠢᠨ  ᠠᠵᠠ ᠲᠤᠭᠢᠶᠠᠯ  ᠪᠤᠯᠤᠬᠰᠠᠨ ᠢᠶᠠᠷ  ᠪᠠᠷᠠᠬᠤ ᠦᠭᠡᠢ  ᠂  ᠨᠡᠩ ᠤᠯᠠᠨ ᠭᠦᠮᠦᠰ   ᠢ ᠨᠤᠮ ᠪᠢᠴᠢᠭ  ᠤᠩᠰᠢᠬᠤ ᠶᠢ ᠤᠷᠢᠶᠠᠯᠠᠨ  ᠲᠠᠶᠢᠴᠢᠯᠠᠬᠰᠠᠨ  ᠨᠤᠮ  ᠲᠠᠢ  ᠠᠶᠠᠯᠠᠯ  ᠪᠤᠯᠤᠬᠰᠠᠨ  ᠪᠠᠶᠢᠨ᠎ᠠ  ᠃     26 ᠤ  ᠦᠳᠡ ᠶᠢᠨ  ᠡᠮᠤᠨ᠎ᠠ  ᠂ ᠬᠤᠰᠢᠭᠤᠨ ᠤ  ᠴᠠᠭᠠᠨ ᠠᠳᠤᠭᠤᠨ ᠤ  ᠰᠤᠶᠤᠯ ᠤᠨ  ᠭᠦᠷᠢᠶᠡᠯᠡᠩ ᠳᠤ  ᠭᠦᠯᠦᠨ ᠪᠤᠶᠢᠷ  ᠂ ᠤᠷᠳᠤᠰ᠂  ᠲᠦᠡᠭᠯᠢᠶᠤᠤ᠂ ᠤᠯᠠᠭᠠᠠᠬᠠᠳᠠ  ᠂ ᠭᠦᠭᠡᠬᠤᠳᠠ  ᠵᠡᠷᠭᠡ ᠡᠯ᠎ᠠ ᠠᠶᠢᠮᠠᠭ ᠬᠤᠳᠠ  ᠠᠴᠠ  ᠭᠦᠷᠦᠯᠴᠡᠨ ᠢᠷᠡᠭᠰᠡᠨ  ᠨᠠᠶᠠᠨ  ᠨᠠᠰᠤᠳᠠᠢ ᠪᠤᠭᠤᠷᠤᠯᠴᠤᠳ ᠠᠴᠠ ᠨᠶᠢᠮᠠᠨ ᠨᠠᠰᠤᠲᠠᠢ ᠪᠠᠭᠠᠴᠤᠤᠯ  ᠭᠦᠷᠳᠡᠯᠡᠭᠢ 100 ᠭᠠᠷᠤᠢ ᠨᠤᠮ ᠤᠨ ᠪᠠᠭ᠋ᠠᠳᠠᠳ  ᠨᠢᠭᠡ   ᠲᠢᠩᠭᠢᠮ ᠳᠤ  ᠴᠤᠬᠯᠠᠷᠠᠨ᠂  ︽ᠭᠦᠮᠦᠨ ᠪᠤᠯᠬᠤ ᠪᠠᠭ᠎ᠠ ᠠᠴᠠ ᠪᠠᠨ  ︾᠂  ︽ᠮᠤᠩᠭᠤᠯ ᠤᠷᠠᠨ ᠵᠤᠭᠢᠶᠠᠯ ᠤᠨ  ᠲᠡᠭᠡᠵᠢ  ︾᠂  ︽ᠪᠤᠬᠳᠠ ᠠᠭᠤᠯᠠ   ᠶᠢᠨ  ᠪᠠᠷ᠎ᠠ  ︾᠂   ︽ᠤᠷᠮᠠᠰᠢᠭᠤᠯᠤᠨ ᠵᠤᠷᠢᠬᠵᠢᠭᠤᠯᠬᠤ ᠡᠷᠳᠡᠮ ᠤᠨ  ᠤᠭᠤᠳᠠ  ︾᠂  ︽ᠲᠡᠤᠭᠡ  ᠰᠤᠶᠤᠯ ᠤᠨ  ᠨᠢᠭᠤᠴᠠ  ︾  ᠵᠡᠷᠭᠡ ᠭᠡᠷ ᠪᠦᠯᠢ ᠶᠢᠨ  ᠭᠦᠮᠦᠵᠢᠯ᠂  ᠰᠢᠨᠵᠢᠯᠡᠭᠡ ᠮᠡᠷᠭᠡᠵᠢᠯ  ᠰᠤᠷᠭᠠᠨ ᠭᠦᠮᠦᠵᠢᠯ᠂ ᠠᠵᠤ ᠠᠬᠤᠢ ᠠᠷᠠᠯᠵᠢᠶ᠎ᠠ  ᠬᠤᠳᠠᠯᠳᠤᠭ᠎ᠠ᠂  ᠤᠷᠠᠨ ᠵᠤᠭᠢᠶᠠᠯ ᠲᠡᠤᠭᠡ ᠰᠤᠶᠤᠯ  ᠵᠡᠷᠭᠡ ᠡᠯᠪᠡᠭ ᠪᠠᠶᠠᠯᠢᠭ ᠠᠭᠤᠯᠭ᠎ᠠ ᠲᠠᠢ  ᠨᠤᠮ ᠢᠶᠠᠨ ᠬᠠᠷᠢᠯᠴᠠᠨ  ᠰᠤᠯᠢᠯᠴᠠᠨ  ᠲᠠᠨᠢᠯᠴᠠᠵᠤ᠂  ᠪᠡᠶ᠎ᠡ ᠪᠡᠶ᠎ᠡ ᠲᠡᠭᠡᠨ  ᠡᠷᠴᠢ ᠤᠯᠭᠤᠨ ᠲᠠᠭᠤᠯᠠᠨ  ᠪᠦᠵᠢᠭᠯᠡᠵᠤ  ᠂  ᠮᠤᠷᠢ ᠤᠷᠤᠯᠳᠤᠬᠤ ᠰᠤᠷ  ᠬᠠᠷᠪᠤᠬᠤ  ᠵᠡᠷᠭᠡ  ᠤᠯᠠᠮᠵᠢᠯᠠᠯᠳᠦ ᠨᠠᠭᠠᠳᠤᠮ ᠢᠶᠠᠷ  ᠭᠡᠶᠢᠮᠤᠷᠢ ᠪᠠᠨ ᠰᠡᠷᠭᠦᠭᠡᠪᠡ  ᠃     ᠦᠳᠡ ᠶᠢᠨ  ᠬᠤᠶᠢᠨ᠎ᠠ   ᠨᠢ  ᠦᠪᠦᠷ ᠮᠤᠩᠭᠤᠯ ᠤᠨ  ᠵᠠᠯᠠᠭᠤ ᠠᠵᠤ ᠠᠬᠤᠶᠢᠯᠠᠯᠳᠠᠨ᠂ ᠠᠵᠢᠯ ᠦᠢᠯᠡᠰ ᠡᠷᠭᠢᠯᠡᠭᠴᠢᠳ ᠤᠨ  ᠵᠢᠯᠤᠭᠤᠳᠤᠬᠴᠢ ᠪᠤᠯᠪᠠᠰᠤᠨ ᠨᠦᠭᠦᠷ ᠠᠴᠠ ᠠᠵᠢᠯ ᠦᠢᠯᠡᠰ ᠡᠷᠭᠢᠯᠡᠭᠦ  ᠠᠵᠢᠯ ᠤᠨ ᠲᠠᠯ᠎ᠠ ᠪᠠᠷ ᠲᠠᠶᠢᠯᠤᠮᠵᠢ ᠭᠢᠵᠤ᠂  ᠱᠠᠩᠨᠠᠯ  ᠤᠯᠭᠤᠬᠤ ᠦᠳᠡᠰᠢᠯᠡᠭᠡ ᠶᠢᠨ ᠠᠬᠤᠢ ᠲᠠᠯᠠᠪᠠᠢ ᠳᠤ  ᠰᠢᠨ᠎ᠡ ᠪᠠᠷᠭᠤ  ᠵᠡᠭᠦᠨ  ᠬᠤᠰᠢᠭᠤ᠂  ᠠᠪᠠᠭ᠎ᠠ  ᠬᠤᠰᠢᠭᠤ  ᠂ ᠰᠦᠨᠢᠳ ᠵᠡᠭᠦᠨ ᠬᠤᠰᠢᠭᠤᠨ ᠠᠴᠠ ᠭᠦᠷᠦᠯᠴᠡᠨ ᠢᠷᠡᠭᠰᠡᠨ ᠨᠤᠮ ᠤᠨ ᠪᠠᠭ᠋ᠠᠳᠠᠳ ᠠᠴᠠ ᠲᠠᠭᠤᠤ ᠰᠢᠯᠦᠭ ᠪᠤᠯᠤᠨ ᠬᠤᠪᠴᠠᠰᠤᠨ ᠤ   ᠦᠵᠡᠬᠦᠯᠤᠯᠬᠡ ᠭᠠᠷᠭᠠᠨ  ᠭᠡᠶᠢᠴᠢᠨ  ᠵᠤᠴᠢᠳ   ᠢᠶᠠᠨ  ᠪᠠᠶᠠᠰᠬᠠᠭᠰᠠᠨ ᠪᠠᠶᠢᠨ᠎ᠠ᠃     ᠭᠦᠪᠡᠭᠡᠳᠦ ᠰᠢᠷ᠎ᠠ ᠬᠤᠰᠢᠭᠤᠨ ᠤ ᠰᠡᠴᠡᠡᠭᠡᠷᠡᠯ  ︿︿ᠬᠠᠨᠢᠬᠠᠨ ᠠᠯᠳᠠᠨ ᠤᠳᠤᠨ﹀﹀᠂  ᠤᠷᠳᠤᠰ ᠬᠤᠳᠠ  ᠶᠢᠨ  ᠲᠤᠩᠭᠠᠯᠠᠭ  ᠂ ᠪᠠᠷᠠᠭᠤᠨ ᠦᠵᠦᠮᠦᠴᠢᠨ ᠤ  ᠤᠨᠳᠤᠷᠤᠮ᠎ᠠ  ︿︿ᠬᠠᠨᠢᠬᠠᠨ ᠮᠦᠡᠭᠭᠦᠨ  ᠤᠳᠤᠨ﹀﹀᠂ ᠵᠡᠭᠦᠨ ᠦᠵᠦᠮᠦᠴᠢᠨ  ᠬᠤᠰᠢᠭᠤᠨ ᠤ  ᠨᠡᠷᠡᠡᠭᠡᠷᠡᠯ᠂ ᠰᠠᠷᠠᠨ᠂  ᠠᠪᠠᠭ᠎ᠠ ᠬᠤᠰᠢᠭᠤᠨ ᠤ  ᠬᠠᠯᠢᠨ ︿︿ᠬᠠᠨᠢᠬᠠᠨ ᠭᠦᠷᠡᠯ ᠤᠳᠤᠨ﹀﹀ ᠢᠶᠠᠷ   ᠡᠩᠬᠡᠷ ᠢᠶᠠᠨ  ᠮᠢᠯᠢᠶᠠᠯᠭᠠᠵᠤ᠂  ᠤᠡᠭᠰᠢᠬᠴᠢ ᠰᠤᠨᠤᠰᠤᠬᠴᠢᠳ ᠤᠨ  ᠲᠤᠮᠳᠠ ᠤᠳᠤ ᠰᠤᠳᠤᠨ  ᠪᠤᠯᠪᠠ  ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号