ᠣᠯᠠᠨ ᠪᠠᠶᠢᠯᠳᠤᠭᠴᠢᠳ ᠲᠤ ᠬᠠᠯᠠᠮᠵᠢ ᠪᠠᠨ ᠬᠦᠷᠲᠡᠭᠡᠭᠰᠡᠨ ︽ᠴᠡᠷᠢᠭ ᠡᠵᠢ︾ | | ᠦᠵᠦᠮᠦᠴᠢᠨ ᠨᠤᠲᠤᠭ ᠤᠨ ᠡᠪᠦᠯ ᠮᠥᠩᠭᠦᠨ ᠥᠩᠭᠡ ᠪᠠᠷ ᠴᠢᠮᠡᠵᠦ ᠪᠠᠶᠢᠭᠠᠯᠢ ᠶᠢᠨ ᠰᠠᠶᠢᠬᠠᠨ ᠢ ᠬᠠᠷᠠᠭᠤᠯᠤᠨ᠎ᠠ᠃ | ᠠᠳᠡ ᠡᠪ ᠨᠠᠶᠢᠷᠠᠮᠳᠠᠯ ᠢᠶᠠᠨ ᠳᠡᠭᠡᠳᠦᠯᠡᠳᠡᠭ ᠡᠯ᠎ᠡ ᠦᠨᠳᠦᠰᠦᠲᠡᠨ ᠤ ᠤᠬᠠᠭᠠᠨᠲᠤ ᠠᠷᠠᠳ ᠲᠦᠮᠡᠨ ᠠᠷᠢᠭᠤᠨ | ᠬᠥᠳᠡᠯᠮᠦᠷᠢ ᠪᠠᠷ ᠢᠶᠠᠨ ᠵᠣᠯ ᠵᠢᠷᠭᠠᠯᠲᠤ ᠠᠮᠢᠳᠤᠷᠠᠯ ᠢᠶᠠᠨ ᠴᠣᠭᠴᠠᠯᠠᠵᠤ ᠪᠠᠶᠢᠳᠠᠭ᠃ ᠠᠳᠡᠬᠢ ᠬᠦᠮᠦᠰ ᠬᠠᠷᠢᠯᠴᠠᠨ | ᠬᠠᠪᠰᠤᠷᠤᠯᠴᠠᠵᠤ᠂ ᠨᠦᠬᠦᠷᠯᠡᠨ ᠪᠦᠯᠬᠦᠮᠳᠡᠵᠦ᠂ ᠦᠨᠳᠦᠰᠦᠲᠡᠨ ᠤᠳ ᠤᠨ ᠠᠷᠠᠳ ᠲᠦᠮᠡᠨ ᠤ ᠬᠤᠭᠤᠷᠤᠨᠳᠤᠬᠢ | ᠬᠠᠷᠢᠯᠴᠠᠭ᠎ᠠ ᠶᠠᠪᠤᠯᠴᠠᠭ᠎ᠠ ᠨᠢ ᠳᠣᠲᠣᠨᠣ ᠠᠴᠠ ᠳᠣᠲᠣᠨᠣ ᠪᠠᠶᠢᠳᠠᠭ᠃ | ᠬᠠᠰᠴᠡᠴᠡᠭ ᠤᠨ ᠨᠢᠭᠡ ᠭᠡᠷ ᠢᠶᠠᠷ ᠢᠶᠠᠨ 30 ᠭᠠᠷᠤᠢ ᠵᠢᠯ ᠤᠨ ᠲᠤᠷᠰᠢ ᠭᠠᠯ ᠤᠨᠲᠠᠷᠠᠭᠠᠬᠤ ᠠᠩᠭᠢ ᠶᠢᠨ | ᠪᠠᠶᠢᠯᠳᠤᠭᠴᠢᠳ ᠲᠠᠢ ᠬᠠᠮᠲᠤᠪᠠᠷ ᠡᠳᠦᠷ ᠬᠤᠨᠤᠭ ᠢ ᠲᠤᠭᠤᠯᠵᠤ ᠢᠷᠡᠵᠡᠢ᠃ ᠲᠡᠷᠡ ᠬᠡᠳᠦᠶᠢᠪᠡᠷ ᠡᠭᠡᠯ ᠵᠢᠷ ᠤᠨ ᠨᠢᠭᠡᠨ | ᠠᠵᠢᠯᠲᠠᠨ ᠪᠣᠯᠪᠠᠴᠤ ᠦᠷᠭᠦᠯᠵᠢ ᠪᠣᠰᠣᠳ ᠤᠨ ᠲᠥᠯᠥᠭᠡ ᠪᠣᠳᠣᠯᠬᠢᠯᠠᠨ᠂ ᠡᠳᠦᠷ ᠳᠤᠲᠤᠮ ᠤᠨ ᠠᠮᠢᠳᠤᠷᠠᠯ ᠳᠠᠭᠠᠨ | ᠦᠨᠳᠦᠰᠦᠲᠡᠨ ᠤ ᠪᠦᠯᠬᠦᠮᠳᠡᠯ ᠢ ᠡᠷᠬᠢᠮᠯᠡᠨ᠂ ᠴᠢᠩ ᠦᠨᠡᠨᠴᠢ ᠰᠡᠳᠬᠢᠯ᠂ ᠰᠢᠷᠭᠠᠭᠤ ᠬᠠᠲᠠᠭᠤᠵᠢᠯᠲᠠᠢ ᠴᠢᠷᠮᠠᠶᠢᠯᠭ᠎ᠠ ᠪᠣᠯᠣᠨ | ᠪᠣᠳᠠᠲᠤ ᠦᠢᠯᠡ ᠠᠵᠢᠯᠯᠠᠭ᠎ᠠ ᠪᠠᠷ ᠢᠶᠠᠨ ᠭᠡᠷ ᠤᠨ ᠬᠦᠮᠦᠰ᠂ ᠰᠠᠳᠤᠨ ᠲᠥᠷᠥᠯ ᠪᠣᠯᠣᠨ ᠠᠶᠢᠯ ᠰᠠᠭᠠᠬᠠᠯᠲᠠ ᠶᠢᠨ ᠢᠶᠠᠨ | ᠬᠦᠷᠢᠶᠡᠯᠡᠯ ᠢ ᠣᠯᠵᠤ᠂ ︽ ᠡᠯ᠎ᠡ ᠦᠨᠳᠦᠰᠦᠲᠡᠨ ᠨᠦᠭᠦᠳ ᠨᠢᠭᠡ ᠭᠡᠷ ᠮᠡᠲᠦ︾ ᠭᠡᠬᠦ ᠤᠳᠬ᠎ᠠ ᠠᠭᠤᠯᠭ᠎ᠠ ᠶᠢ | ᠦᠢᠯᠡᠳᠦᠯᠭᠡᠵᠢᠭᠦᠯᠵᠦ ᠢᠷᠡᠵᠡᠢ᠃ | 76 ᠨᠠᠰᠤᠲᠠᠢ ᠬᠠᠰᠴᠡᠴᠡᠭ ᠢ ᠭᠠᠯ ᠤᠨᠲᠠᠷᠠᠭᠠᠬᠤ ᠠᠩᠭᠢ ᠶᠢᠨ ᠬᠢᠨ ︽ᠲᠠᠯ᠎ᠠ ᠨᠤᠲᠤᠭ ᠤᠨ ᠡᠵᠢ︾ ᠭᠡᠵᠦ | ᠳᠣᠲᠣᠨᠣᠴᠢᠯᠠᠨ ᠳᠠᠭᠤᠳᠠᠳᠠᠭ᠃ ᠬᠠᠰᠴᠡᠴᠡᠭ ᠲᠠᠪᠤᠳᠤᠭᠠᠷ ᠬᠤᠭᠤᠴᠠᠭᠠᠨ ᠤ ︽ᠪᠦᠬᠦ ᠤᠯᠤᠰ ᠤᠨ 119 ᠭᠠᠯ | ᠤᠨᠲᠠᠷᠠᠭᠠᠬᠤ ᠡᠩᠨᠡᠭᠡᠨ ᠤ ᠲᠡᠷᠢᠭᠦᠨ ᠤ ᠬᠤᠪᠢ ᠬᠦᠮᠦᠨ︾᠂ ᠪᠠᠷᠠᠭᠤᠨ ᠦᠵᠦᠮᠦᠴᠢᠨ ᠬᠤᠰᠢᠭᠤᠨ ᠤ ᠭᠠᠯ ᠤᠨᠲᠠᠷᠠᠭᠠᠬᠤ | ᠠᠪᠤᠷᠠᠨ ᠲᠤᠰᠠᠯᠠᠬᠤ ᠶᠡᠭᠡ ᠠᠩᠭᠢ ᠶᠢᠨ ᠤᠬᠠᠭᠤᠯᠭ᠎ᠠ ᠶᠢᠨ ᠰᠠᠶᠢᠨ ᠳᠤᠷᠠᠴᠤᠤᠯ᠂ ᠲᠠᠯ᠎ᠠ ᠨᠤᠲᠤᠭ ᠤᠨ ᠤᠬᠠᠭᠤᠯᠭ᠎ᠠ ᠶᠢᠨ | ᠡᠯᠴᠢ ᠵᠡᠷᠭᠡ ᠢᠷᠠᠭᠤ ᠠᠯᠳᠠᠷ ᠢ ᠬᠦᠷᠳᠡᠭᠡᠵᠤ ᠦᠩᠭᠡᠷᠡᠭᠰᠡᠨ ᠪᠦᠬᠡᠳ ᠪᠠᠷᠠᠭᠤᠨ ᠦᠵᠦᠮᠦᠴᠢᠨ ᠬᠤᠰᠢᠭᠤᠨ ᠤ ᠭᠠᠯ | ᠤᠨᠲᠠᠷᠠᠭᠠᠬᠤ ᠠᠩᠭᠢ ᠶᠢᠨ ︽ᠴᠡᠷᠢᠭ ᠡᠵᠢ︾ ᠭᠡᠰᠡᠨ ᠰᠠᠶᠢᠬᠠᠨ ᠨᠡᠷᠡᠶᠢᠳᠦᠯ ᠲᠠᠢ ᠪᠠᠶᠢᠵᠤ᠂ ᠴᠡᠷᠢᠭ ᠠᠩᠭᠢ ᠶᠢᠨ ᠡᠮᠴᠢ᠂ | ᠠᠰᠠᠷᠠᠭᠴᠢ᠂ ᠲᠣᠭᠤᠭᠠᠴᠢ ᠵᠡᠷᠭᠡ ᠣᠯᠠᠨ ᠳᠦᠷᠢ ᠪᠠᠷ ︽ᠬᠡᠦᠬᠡᠳ ᠤᠳ ᠲᠡᠭᠡᠨ︾ ᠬᠠᠨᠢ ᠪᠣᠯᠵᠤ ᠢᠷᠡᠵᠠᠢ ᠃ | ᠬᠠᠰᠴᠡᠴᠡᠭ ᠤᠨ ᠬᠢᠨ ᠭᠡᠷ ᠪᠦᠯᠢ ᠪᠠᠷ ᠢᠶᠠᠨ ᠣᠯᠠᠨ ᠵᠢᠯ ᠤᠨ ᠲᠤᠷᠰᠢ ᠦᠨᠳᠦᠰᠦᠲᠡᠨ ᠤ ᠣᠷᠣᠨ ᠤ ᠭᠠᠯ ᠤᠨᠲᠠᠷᠠᠭᠠᠬᠤ | ᠦᠢᠯᠡᠰ ᠲᠤ ᠵᠢᠳᠬᠦᠭᠰᠡᠨ ᠪᠦᠭᠡᠳ ᠥᠲᠡᠯᠬᠦ ᠶᠢᠨ ᠦᠵᠦᠭᠦᠷ ᠴᠤ ᠡᠨᠡᠬᠦ ᠵᠣᠷᠢᠭ ᠰᠠᠨᠠᠭ᠎ᠠ ᠪᠠᠨ ᠦᠷᠭᠦᠯᠵᠢᠯᠡᠨ | ᠪᠠᠳᠠᠷᠠᠭᠤᠯᠵᠤ ᠶᠠᠪᠤᠨ᠎ᠠ᠃ 1988 ᠣᠨ ᠠᠴᠠ ᠨᠠᠰᠢ ᠲᠡᠷᠡ ᠬᠠᠶᠢᠷ᠎ᠠ ᠬᠠᠯᠠᠮᠵᠢ ᠥᠭᠭᠢᠶᠡᠮᠦᠷ ᠰᠡᠳᠬᠢᠯ ᠢᠶᠠᠷ ᠢᠶᠠᠨ ᠪᠣᠰᠣᠳ | ᠭᠠᠵᠠᠷ ᠣᠷᠣᠨ ᠠᠴᠠ ᠲᠠᠯ᠎ᠠ ᠨᠤᠲᠤᠭ ᠲᠤ ᠢᠷᠡᠭᠰᠡᠨ ᠪᠠᠶᠢᠯᠳᠤᠭᠴᠢᠳ ᠤᠨ ᠠᠮᠢᠳᠤᠷᠠᠯ ᠢ ᠬᠠᠷᠠᠭᠠᠯᠵᠠᠵᠤ᠂ ᠦᠨᠳᠦᠰᠦᠲᠡᠨ ᠤ | ᠪᠦᠯᠬᠦᠮᠳᠡᠯ ᠤᠨ ᠵᠣᠷᠢᠭ ᠰᠠᠨᠠᠭ᠎ᠠ ᠶᠢ ᠭᠦᠢᠴᠡᠳ ᠢᠯᠡᠷᠡᠭᠦᠯᠦᠭᠰᠡᠭᠡᠷ ᠢᠷᠡᠵᠡᠢ᠃ | ︽ᠨᠠᠶᠠᠭᠠᠳ ᠣᠨ ᠳᠤ ᠪᠦᠷ ᠯᠠ ᠪᠠᠶᠢᠰᠢᠩ ᠳᠤ ᠰᠠᠭᠤᠵᠤ ᠪᠠᠶᠢᠭᠰᠠᠨ᠃ ᠪᠢ ᠨᠦᠬᠦᠷ ᠲᠠᠢ ᠪᠠᠨ ᠬᠤᠶᠠᠭᠤᠯᠠ ᠭᠠᠯ | ᠤᠨᠲᠠᠷᠠᠭᠠᠬᠤ ᠠᠩᠭᠢ ᠶᠢᠨ ᠲᠡᠳᠡᠭᠡᠷ ᠬᠡᠦᠬᠡᠳ ᠤᠳ ᠲᠠᠢ ᠬᠠᠮᠲᠤ ᠨᠢᠭᠡ ᠬᠦᠷᠢᠶᠡᠨ ᠳᠤ ᠰᠠᠭᠤᠳᠠᠭ ᠪᠠᠶᠢᠭᠰᠠᠨ᠃ ᠲᠡᠳᠡᠨ ᠤ | ᠣᠯᠠᠩᠬᠢ ᠨᠢ ᠭᠠᠳᠠᠨ᠎ᠠ ᠣᠷᠣᠨ ᠠᠴᠠ ᠢᠷᠡᠭᠰᠡᠨ ᠪᠣᠯᠬᠤᠷ ᠠᠳᠡ ᠳᠠᠰᠬᠤ ᠦᠭᠡᠢ ᠭᠠᠭᠴᠠᠭᠠᠷᠳᠠᠳᠠᠭ ᠃ ᠲᠡᠳᠡ ᠨᠠᠮᠠᠶᠢ | ᠳᠣᠲᠣᠨᠣ ᠬᠦᠮᠦᠨ ᠢᠶᠠᠨ ᠪᠣᠯᠭᠠᠵᠤ᠂ ᠪᠢ ᠴᠤ ᠲᠡᠳᠡᠨ ᠢ ᠥᠪᠡᠷ ᠤᠨ ᠬᠡᠦᠬᠡᠳ ᠢᠶᠠᠨ ᠰᠢᠭ ᠬᠠᠶᠢᠷᠠᠯᠠᠳᠠᠭ︾ ᠭᠡᠵᠦ | ᠲᠤᠬᠠᠢ ᠶᠢᠨ ᠵᠢᠯ ᠤᠳ ᠢᠶᠠᠨ ᠳᠤᠷᠠᠰᠤᠨ ᠶᠠᠷᠢᠬᠤ ᠳᠤ ᠬᠠᠰᠴᠡᠴᠡᠭ ᠨᠠᠰᠤᠲᠠᠨ ᠶᠡᠬᠡᠳᠡ ᠳᠣᠭᠳᠤᠯᠤᠨ᠂ ᠴᠢᠷᠠᠢ ᠳᠤᠨᠢ ᠪᠠᠶᠠᠷ | ᠤᠨ ᠮᠦᠰᠢᠶᠡᠳᠤ ᠲᠣᠳᠣᠷᠠᠵᠤ ᠪᠠᠶᠢᠯ᠎ᠠ᠃ | ᠰᠤᠷᠪᠤᠯᠵᠢᠯᠠᠭ᠎ᠠ ᠬᠠᠰᠴᠡᠴᠡᠭ᠄ ︽ᠲᠡᠳᠡᠭᠡᠷ ᠬᠡᠦᠬᠡᠳ ᠢ ᠬᠠᠷᠠᠬᠤ ᠳᠤ ᠯᠡ ᠶᠠᠭᠤᠨ ᠳᠤ ᠬᠦᠴᠢᠷᠳᠡᠵᠦ ᠪᠠᠶᠢᠭ᠎ᠠ ᠨᠢ | ᠢᠯᠡᠬᠡᠨ ᠪᠠᠶᠢᠳᠠᠭ᠃ ᠵᠢᠯ ᠪᠦᠷᠢ ᠰᠢᠨ᠎ᠡ ᠪᠠᠶᠢᠯᠳᠤᠭᠴᠢᠳ ᠢᠷᠡᠪᠡᠯ ᠠᠬᠠᠮᠠᠳ ᠪᠠᠶᠢᠯᠳᠤᠭᠴᠢᠳ ᠨᠢ ᠲᠡᠳᠡᠨ ᠢ ᠳᠠᠭᠠᠭᠤᠯᠤᠨ | ᠨᠠᠮᠠᠶᠢ ᠦᠵᠡᠬᠦ ᠪᠠᠷ ᠢᠷᠡᠳᠡᠭ᠂ ᠤᠳᠠᠭᠠᠨ ᠳᠠᠭᠠᠨ ᠡᠨᠡ ᠨᠢ ᠶᠠᠭ ᠯᠠ ᠲᠡᠳᠡᠨ ᠤ ᠵᠠᠩᠰᠢᠯ ᠪᠣᠯᠴᠢᠬᠠᠭᠰᠠᠨ ᠰᠢᠭ᠋᠃ ᠡᠳᠡᠭᠡᠷ | ᠬᠡᠦᠬᠡᠳ ᠤᠳ ᠪᠠᠶᠠᠷ ᠳᠤᠷᠠᠰᠬᠠᠯ ᠤᠨ ᠡᠳᠦᠷ ᠪᠣᠯᠣᠭᠰᠠᠭᠠᠷ ᠯᠠ ᠨᠠᠮᠠᠶᠢ ᠭᠠᠯ ᠤᠨᠲᠠᠷᠠᠭᠠᠬᠤ ᠠᠩᠭᠢ ᠳᠠᠭᠠᠨ ᠲᠣᠰᠴᠤ | ᠠᠪᠠᠴᠢᠨ ᠪᠠᠶᠠᠷ ᠳᠤᠷᠠᠰᠬᠠᠯ ᠢᠶᠠᠨ ᠬᠠᠮᠲᠤᠪᠠᠷ ᠲᠡᠮᠳᠡᠭᠯᠡᠳᠡᠭ᠂ ᠪᠠᠰᠠ ᠨᠠᠳᠠ ᠶᠢ ᠬᠠᠪᠰᠤᠷᠤᠨ ᠭᠡᠷ ᠥᠷᠥᠭᠡ ᠶᠢ ᠴᠡᠪᠡᠷᠯᠡᠨ | ᠴᠠᠬᠢᠯᠭᠠᠨ ᠬᠡᠷᠡᠭᠰᠡᠯ ᠢ ᠵᠠᠰᠠᠵᠤ ᠰᠡᠯᠪᠢᠵᠦ ᠥᠭᠳᠡᠭ᠃ ᠨᠦᠬᠦᠷ ᠮᠢᠨᠢ ᠡᠷᠲᠡ ᠨᠠᠰᠤ ᠪᠠᠷᠠᠵᠤ ᠬᠡᠦᠬᠡᠳ ᠤᠳ ᠴᠤ ᠳᠡᠷᠭᠡᠳᠡ | ᠮᠢᠨᠢ ᠪᠠᠶᠢᠬᠤ ᠴᠠᠭ ᠲᠤᠩ ᠴᠥᠬᠡᠨ᠂ ᠭᠡᠲᠡᠯ᠎ᠡ ᠪᠢ ᠶᠡᠷᠦ ᠠᠴᠠ ᠭᠠᠭᠴᠠᠭᠠᠷᠳᠠᠳᠠᠭ ᠦᠭᠡᠢ᠂ᠡᠳᠡᠭᠡᠷ ᠪᠠᠶᠢᠯᠳᠤᠭᠴᠢᠳ ᠬᠠᠨᠢ | ᠪᠣᠯᠵᠤ ᠪᠠᠶᠢᠳᠠᠭ ᠠᠴᠠ ᠮᠢᠨᠤ ᠠᠮᠢᠳᠤᠷᠠᠯ ᠮᠠᠰᠢ ᠪᠠᠶᠠᠷ ᠬᠥᠷ ᠲᠠᠢ ᠪᠠᠶᠢᠳᠠᠭ︾ ᠭᠡᠯᠡ᠃ | ᠲᠡᠭᠦᠨ ᠤ ᠡᠨᠡᠬᠦ ᠭᠡᠷ ᠤᠨ ᠰᠤᠷᠭᠠᠯ ᠤᠨ ᠳᠣᠣᠷ᠎ᠠ᠂ ᠬᠤᠶᠠᠷ ᠬᠡᠦᠬᠡᠳ ᠨᠢ ᠬᠠᠷᠠᠬᠠᠨ ᠪᠠᠭ᠎ᠠ ᠠᠴᠠ ᠪᠠᠨ ᠡᠯ᠎ᠡ | ᠦᠨᠳᠦᠰᠦᠲᠡᠨ ᠤᠳ ᠡᠪ ᠨᠠᠶᠢᠷᠠᠮᠳᠠᠯ ᠲᠠᠢ ᠣᠷᠣᠰᠢᠵᠤ᠂ ᠬᠠᠷᠢᠯᠴᠠᠨ ᠬᠠᠪᠰᠤᠷᠤᠯᠴᠠᠬᠤ ᠬᠡᠷᠡᠭᠲᠡᠢ ᠭᠡᠰᠡᠨ ᠢ ᠣᠶᠢᠯᠠᠭᠠᠵᠤ | ᠮᠡᠳᠡᠭᠰᠡᠨ ᠪᠠᠶᠢᠨ᠎ᠠ᠃ ︽ᠡᠨᠡ ᠪᠣᠯ ᠮᠢᠨᠤ ᠣᠯᠠᠨ ᠵᠢᠯ ᠤᠨ ᠲᠤᠷᠰᠢ ᠪᠠᠷᠢᠮᠲᠠᠯᠠᠭᠰᠠᠭᠠᠷ ᠢᠷᠡᠭᠰᠡᠨ ᠰᠢᠯᠲᠠᠭᠠᠨ ᠪᠣᠯᠣᠨ᠎ᠠ᠂ | ᠡᠨᠡ ᠨᠢ ᠵᠥᠪᠬᠡᠨ ᠴᠥᠬᠡᠨ ᠲᠣᠭᠠᠨ ᠤ ᠬᠦᠮᠦᠨ ᠤ ᠶᠠᠪᠤᠳᠠᠯ ᠪᠢᠰᠢ᠂ ᠬᠠᠷᠢᠨ ᠬᠦᠮᠦᠨ ᠨᠢᠭᠡᠪᠦᠷᠢ ᠶᠢᠨ ᠬᠢᠪᠡᠰᠦ ᠵᠣᠬᠢᠬᠤ | ᠵᠦᠢᠯ ᠪᠣᠯᠣᠨ᠎ᠠ᠂ ᠪᠢ ᠪᠦᠯᠬᠦᠮᠳᠡᠯ ᠨᠦᠬᠦᠷᠰᠡᠭ ᠬᠠᠷᠢᠯᠴᠠᠭ᠎ᠠ ᠶᠢᠨ ᠭᠡᠷ ᠤᠨ ᠰᠤᠷᠭᠠᠯ ᠢ ᠤᠯᠠᠮ ᠳᠡᠯᠭᠡᠷᠡᠭᠦᠯᠵᠦ᠂ | ᠥᠷᠭᠡᠳᠬᠡᠵᠦ ᠶᠠᠪᠤᠨ᠎ᠠ︾ ᠭᠡᠵᠦ ᠬᠠᠰᠴᠡᠴᠡᠭ ᠰᠤᠷᠪᠤᠯᠵᠢᠯᠠᠭ᠎ᠠ ᠬᠦᠯᠢᠶᠡᠬᠦ ᠳᠡᠭᠡᠨ ᠶᠠᠷᠢᠵᠤ ᠪᠠᠶᠢᠯ᠎ᠠ᠃ |