ᠤᠳᠤᠮ ᠵᠠᠯᠭᠠᠭᠰᠠᠨ ᠮᠠᠯᠴᠢᠨ ᠠᠮᠢᠳᠤᠷᠠᠯ ᠤᠶᠤᠨ ᠢᠶᠠᠷ ᠭᠡᠶᠢᠭᠰᠡᠨ ᠦᠢᠯᠡᠰ ᠤᠨ ᠵᠠᠮ | | | ᠰᠢᠨ᠎ᠡ ᠵᠠᠭᠤᠨ ᠳᠤ ᠤᠶᠤᠳᠠᠨ ᠵᠠᠯᠠᠭᠤᠴᠤᠳ ᠮᠠᠨᠢ ᠦᠪᠡᠷ ᠦᠪᠡᠷ ᠤᠨ ᠠᠮᠢᠳᠤᠷᠠᠯ ᠦᠢᠯᠡᠰ ᠢᠶᠠᠨ ᠪᠤᠰᠬᠠᠬᠤ | ᠬᠠᠳᠠᠭᠤ ᠠᠶᠠᠨ ᠳᠤ ᠤᠬᠠᠭ᠎ᠠ ᠰᠤᠷᠢᠵᠦ ᠠᠮᠵᠢᠯᠳᠠ ᠤᠯᠤᠯᠳᠠ ᠲᠠᠢ ᠰᠠᠶᠢᠬᠠᠨ ᠶᠠᠪᠤᠨ᠎ᠠ᠃ ᠤᠯᠠᠭᠠᠠᠬᠠᠭᠠᠯᠭ᠎ᠠ ᠰᠤᠮᠤᠨ ᠤ | ᠡᠷᠬᠡᠳᠤᠠᠤᠪᠤᠭᠠ ᠭᠠᠴᠠᠭᠠᠨ ᠤ ᠤᠶᠤᠳᠠᠨ ᠴᠤᠠᠠᠪᠠᠳᠠᠷᠠᠬᠤ᠂ ᠰᠠᠷᠠᠠᠳᠤᠩᠭᠠᠯᠠᠭ ᠤᠳᠤᠮ ᠵᠠᠯᠭᠠᠭᠰᠠᠨ ᠮᠠᠯᠴᠢᠨ ᠠᠮᠢᠳᠤᠷᠠᠯ | ᠢᠶᠠᠨ ᠤᠯᠠᠮᠵᠢᠯᠠᠵᠦ᠂ ᠤᠶᠤᠨ ᠢ ᠲᠡᠭᠡᠳᠦᠯᠡᠭᠰᠡᠨ ᠰᠢᠨ᠎ᠡ ᠮᠠᠯᠴᠢᠨ ᠪᠤᠯᠵᠠᠭᠠᠯ᠎ᠠ᠃ | ᠴᠤᠠᠠᠪᠠᠳᠠᠷᠠᠬᠤ᠂ ᠰᠠᠷᠠᠠᠳᠤᠩᠭᠠᠯᠠᠭ ᠬᠤᠶᠠᠭᠤᠯᠠ ᠪᠠᠨ ᠬᠦᠯᠦᠨ ᠪᠤᠶᠢᠷ ᠲᠡᠭᠡᠳᠦ ᠰᠤᠷᠭᠠᠭᠤᠯᠢ ᠶᠢᠨ ᠤᠯᠤᠰ ᠲᠦᠷᠦ | ᠲᠡᠤᠬᠡ ᠶᠢᠨ ᠰᠠᠯᠪᠤᠷᠢ ᠳᠤ ᠰᠤᠷᠤᠯᠴᠠᠨ᠂ ᠰᠤᠷᠴᠤ ᠰᠤᠳᠤᠯᠬᠤ᠂ ᠬᠢᠵᠦ ᠪᠦᠳᠦᠭᠡᠬᠦ ᠮᠦᠷᠦᠭᠡᠳᠦᠯ ᠪᠢᠯᠬᠠᠭᠰᠠᠨ ᠤᠶᠤᠳᠠᠨ | ᠠᠮᠢᠳᠤᠷᠠᠯ ᠢᠶᠠᠨ ᠲᠡᠭᠦᠰᠬᠡᠵᠦ᠂ 2012 ᠤᠨ ᠳᠤ ᠬᠤᠰᠢᠭᠤᠨ ᠳᠠᠭᠠᠨ ᠢᠷᠡᠵᠦ ᠬᠠᠨᠢ ᠶᠢᠨ ᠵᠠᠶᠠᠭ᠎ᠠ ᠬᠤᠯᠪᠤᠨ ᠵᠢᠷᠭᠠᠯᠳᠤ | ᠠᠮᠢᠳᠤᠷᠠᠯ ᠢᠶᠠᠨ ᠡᠬᠢᠯᠡᠭᠦᠯᠵᠡᠢ᠃ ᠡᠶᠢᠨᠬᠦ ᠲᠡᠳᠡ ᠨᠡᠶᠢᠭᠡᠮ ᠬᠡᠮᠡᠬᠦ ᠦᠰᠦᠳ ᠦᠭᠡᠷ᠎ᠡ ᠠᠮᠢᠳᠤᠷᠠᠯ ᠤᠨ ᠲᠠᠪᠴᠠᠩ ᠳᠤ ᠠᠵᠢᠯ | ᠦᠢᠯᠡᠰ ᠢᠶᠠᠨ ᠬᠦᠭᠡᠭᠡᠴᠡᠯᠳᠦᠬᠦ ᠡᠩᠨᠡᠭᠡᠨ ᠳᠤ ᠤᠷᠤᠵᠤ᠂ ᠤᠷᠢᠳ ᠬᠤᠵᠢᠳ ᠠᠯᠪᠠᠨ ᠠᠵᠢᠯ᠂ ᠠᠷᠠᠯᠵᠢᠶ᠎ᠠ ᠮᠠᠶᠢᠮᠠᠢ ᠬᠢᠵᠦ | ᠠᠮᠢᠳᠤᠷᠠᠯ ᠤᠨ ᠤᠬᠠᠭᠠᠨ ᠳᠤ ᠲᠤᠮᠤᠭᠠᠵᠢᠵᠤ ᠶᠠᠪᠤᠭᠰᠠᠨ ᠪᠠᠶᠢᠨ᠎ᠠ᠃ 2016 ᠤᠨ ᠳᠤ ᠲᠡᠳᠡ ᠪᠠᠯᠠᠭᠠᠷᠭᠤᠤᠯ | ᠪᠠᠯᠭᠠᠰᠤᠨ ᠳᠤ ᠮᠤᠩᠭᠤᠯ ᠬᠤᠭᠤᠯᠠᠨ ᠤ ᠭᠠᠵᠠᠷ ᠡᠷᠬᠢᠯᠡᠭᠰᠡᠨ ᠠᠴᠠ ᠬᠤᠶᠢᠰᠢ ᠡᠳᠦᠷᠵᠢᠨ ᠬᠤᠭᠤᠯᠠᠨ ᠭᠡᠷ ᠲᠡᠭᠡᠨ | ᠮᠤᠩᠭᠠᠨᠢᠵᠤ ᠡᠷᠳᠡᠯᠡᠵᠦ ᠤᠷᠤᠶᠢᠯᠠᠨ ᠠᠵᠢᠯᠠᠯᠳᠠᠭ ᠪᠤᠯᠵᠠᠢ᠃ ᠡᠶᠢᠨᠬᠦ ᠬᠡᠳᠦᠶᠢᠪᠡᠷ ᠴᠠᠭ ᠵᠠᠪ ᠪᠠᠷᠤᠭᠳᠠᠢ᠂ ᠠᠵᠤ ᠠᠮᠢᠳᠤᠷᠠᠯ | ᠶᠠᠭᠠᠷᠠᠯᠳᠠᠢ ᠪᠠᠶᠢᠳᠠᠭ ᠴᠦ ᠠᠷᠢᠭᠤᠨ ᠬᠦᠳᠡᠯᠮᠦᠷᠢ ᠨᠢ ᠦᠭᠭᠦᠭᠡᠵᠢ ᠪᠠᠨ ᠦᠭᠴᠦ ᠵᠢᠯ ᠳᠤ ᠬᠤᠷᠢᠭᠠᠳ ᠲᠦᠮᠡᠨ ᠲᠦᠭᠦᠷᠢᠭ | ᠤᠨ ᠴᠡᠪᠡᠷ ᠤᠷᠤᠯᠭ᠎ᠠ ᠤᠯᠳᠠᠭ ᠪᠤᠯᠤᠭᠰᠠᠨ ᠪᠠᠶᠢᠨ᠎ᠠ᠃ | 2020 ᠤᠨ ᠨᠢ ᠴᠤᠠᠠᠪᠠᠳᠠᠷᠠᠬᠤ᠂ ᠰᠠᠷᠠᠠᠳᠤᠩᠭᠠᠯᠠᠭ ᠤᠨ ᠠᠮᠢᠳᠤᠷᠠᠯ ᠳᠤ ᠪᠠᠰᠠ ᠨᠢᠭᠡ ᠡᠷᠭᠢᠯᠳᠡ ᠪᠤᠯᠤᠭᠰᠠᠨ ᠵᠢᠯ | ᠪᠠᠶᠢᠯ᠎ᠠ᠃ ᠬᠦᠳᠡᠭᠡ ᠭᠡᠷ ᠲᠤᠨᠢ ᠬᠦᠳᠡᠯᠮᠦᠷᠢ ᠬᠦᠴᠦᠨ ᠪᠠᠷᠤᠭᠳᠠᠢ᠂ ᠬᠤᠭᠤᠯᠠᠨ ᠤ ᠭᠠᠵᠠᠷ ᠨᠢ ᠰᠢᠨᠡᠳᠬᠡᠨ ᠵᠠᠰᠠᠬᠤ | ᠴᠢᠬᠤᠯᠠ ᠲᠠᠢ ᠪᠤᠯᠤᠭᠰᠠᠨ ᠬᠡᠬᠦᠴᠢᠯᠡᠨ ᠠᠮᠢᠳᠤᠷᠠᠯ ᠤᠨ ᠤᠯᠠᠨ ᠠᠰᠠᠭᠤᠳᠠᠯ ᠳᠤ ᠲᠤᠯᠭᠠᠷᠠᠵᠦ᠂ ᠬᠤᠶᠠᠭᠤᠯᠠ ᠰᠠᠶᠢᠳᠤᠷ | ᠵᠦᠪᠳᠡᠭᠰᠡᠨ ᠤ ᠡᠴᠦᠰ ᠲᠤ ᠬᠦᠳᠡᠭᠡ ᠨᠤᠳᠤᠭ ᠲᠠᠭᠠᠨ ᠪᠤᠴᠠᠵᠦ ᠮᠠᠯ ᠢᠶᠠᠨ ᠮᠠᠯᠵᠢᠬᠤ ᠪᠠᠷ ᠪᠤᠯᠪᠠ᠃ | ᠴᠤᠠᠠᠪᠠᠳᠠᠷᠠᠬᠤ ᠶᠢᠨ ᠬᠢᠨ ᠤᠤᠯ ᠠᠴᠠ ᠠᠮᠢᠳᠤᠷᠠᠯ ᠤᠨ ᠰᠠᠭᠤᠷᠢ ᠰᠠᠶᠢᠨ᠂ ᠮᠠᠯ ᠤᠨᠤᠭ᠎ᠠ ᠵᠤᠵᠠᠭᠠᠨ ᠲᠠᠢ ᠠᠶᠢᠯ | ᠪᠠᠶᠢᠵᠠᠢ᠃ ᠡᠶᠢᠨᠬᠦ ᠲᠡᠳᠡ 2020 ᠤᠨ ᠤ 4 ᠳ᠋ᠤᠭᠡᠷ ᠰᠠᠷ᠎ᠠ ᠳᠤ ᠬᠦᠳᠡᠭᠡ ᠭᠡᠷ ᠲᠡᠭᠡᠨ ᠢᠷᠡᠵᠦ ᠬᠦᠯᠦᠰᠦᠨ ᠤ | ᠬᠦᠮᠦᠨ ᠢᠶᠠᠨ ᠶᠠᠪᠤᠭᠤᠯᠵᠤ ᠮᠠᠯ ᠢᠶᠠᠨ ᠮᠠᠯᠵᠢᠪᠠ᠃ ᠢᠩᠭᠢᠭᠡᠳ ᠯᠡ ᠬᠠᠪᠤᠷ ᠤᠨ ᠬᠠᠪᠰᠤᠷᠭ᠎ᠠ ᠳᠤ ᠲᠠᠭᠠᠷᠠᠵᠦ ᠵᠤᠳᠠᠷᠠᠵᠦ | ᠵᠦᠳᠡᠷᠡᠵᠦ ᠶᠠᠪᠤᠭᠰᠠᠨ ᠴᠦ ᠮᠠᠯ ᠤᠨᠤᠭ᠎ᠠ ᠪᠠᠨ ᠮᠡᠨᠳᠦ ᠰᠠᠶᠢᠬᠠᠨ ᠦᠰᠬᠡᠵᠦ ᠮᠠᠯᠴᠢᠨ ᠬᠦᠮᠦᠨ ᠤ ᠪᠠᠶᠠᠷ ᠪᠠᠭ᠋ᠠᠳᠤᠯ ᠢ | ᠠᠩᠬ᠎ᠠ ᠡᠳ᠋ᠯᠡᠭᠰᠡᠨ ᠪᠠᠶᠢᠯ᠎ᠠ᠃ ᠤᠳᠤ ᠴᠤᠠᠠᠪᠠᠳᠠᠷᠠᠬᠤ ᠶᠢᠨ ᠬᠢ ᠰᠠᠭᠤᠷᠢ ᠪᠡᠯᠡᠳᠬᠡᠯ᠂ ᠮᠠᠯᠵᠢᠬᠤ ᠦᠢᠯᠡᠳᠪᠦᠷᠢᠯᠡᠯ ᠤᠨ | ᠮᠠᠰᠢᠨ ᠪᠠᠭᠠᠵᠢ ᠪᠦᠷᠢᠨᠰᠢᠵᠦ᠂ 5000 ᠮᠦ ᠨᠤᠳᠤᠭ ᠪᠡᠯᠴᠢᠭᠡᠷ ᠲᠡᠭᠡᠷ᠎ᠡ ᠪᠠᠨ 4000 ᠮᠦ ᠨᠤᠳᠤᠭ ᠲᠦᠷᠢᠶᠡᠰᠦᠯᠡᠨ᠂ | 170 ᠭᠠᠷᠤᠢ ᠦᠬᠡᠷ᠂ ᠲᠠᠪᠢᠭᠠᠳ ᠠᠳᠤᠭᠤ᠂ 130 ᠭᠠᠷᠤᠢ ᠬᠤᠨᠢ ᠮᠠᠯᠵᠢᠵᠤ ᠬᠦᠳᠡᠭᠡ ᠤᠷᠤᠨ ᠨᠤᠳᠤᠭ ᠲᠠᠬᠢ | ᠠᠮᠢᠳᠤᠷᠠᠯ ᠠᠬᠤᠢ ᠨᠢ ᠲᠦᠪᠬᠢᠨᠡᠭᠰᠡᠨ ᠪᠠᠶᠢᠨ᠎ᠠ᠃ | ᠴᠤᠠᠠᠪᠠᠳᠠᠷᠠᠬᠤ ᠶᠢᠨ ᠬᠢᠨ ᠳᠤ ᠤᠳᠤ ᠡᠯ᠎ᠡ ᠵᠦᠢᠯ ᠤᠨ ᠴᠠᠬᠢᠯᠭᠠᠨ ᠬᠡᠷᠡᠭᠰᠡᠯ᠂ ᠮᠠᠰᠢᠨ ᠪᠠᠭᠠᠵᠢ ᠪᠦᠷᠢᠨ ᠲᠡᠳᠦᠢ ᠦᠭᠡᠢ | ᠂ ᠭᠡᠷ ᠦᠷᠦᠭᠡ ᠪᠠᠨ ᠡᠩᠨᠡᠷᠡᠭᠦᠯᠦᠨ ᠲᠠᠯᠪᠢᠭᠰᠠᠨ ᠨᠤᠮ ᠪᠢᠴᠢᠭ ᠢᠶᠠᠷ ᠭᠤᠶᠤᠭᠰᠠᠨ ᠬᠠᠷᠠᠭᠳᠠᠨ᠎ᠠ᠃ ᠰᠤᠷᠤᠭᠰᠠᠨ ᠡᠷᠳᠡᠮ | ᠬᠦᠮᠦᠨ ᠳᠤ ᠬᠡᠵᠢᠶᠡᠳᠡ ᠢᠯᠡᠭᠦᠳᠡᠳᠡᠭ ᠵᠦᠢᠯ ᠦᠭᠡᠢ ᠠᠵᠢ᠃ ᠴᠤᠠᠠᠪᠠᠳᠠᠷᠠᠬᠤ ᠪᠦᠰᠡᠭᠦᠢ ᠲᠠᠢ ᠪᠠᠨ ᠤᠶᠤᠳᠠᠨ ᠠᠬᠤᠢ | ᠠᠴᠠ ᠲᠠᠳᠤᠯᠭᠠᠰᠢᠭᠰᠠᠨ ᠨᠤᠮ ᠤᠩᠰᠢᠬᠤ ᠰᠤᠨᠢᠷᠬᠠᠯ ᠳᠠᠭᠠᠨ ᠬᠦᠳᠦᠯᠦᠭᠳᠡᠨ ᠴᠢᠯᠦᠭᠡ ᠵᠠᠪ ᠢᠶᠠᠷ ᠢᠶᠠᠨ ᠦᠨᠳᠦᠰᠦᠳᠡᠨ ᠤ | ᠪᠠᠨ ᠲᠡᠤᠬᠡ ᠰᠤᠶᠤᠯ᠂ ᠲᠡᠭᠦᠨᠴᠢᠯᠡᠨ ᠲᠡᠯᠡᠬᠡᠢ ᠶᠢᠨ ᠲᠤᠮᠤ ᠠᠵᠤ ᠠᠬᠤᠶᠢᠯᠠᠯᠳᠠᠨ᠂ ᠭᠤᠴᠤ ᠠᠪᠢᠶᠠᠰᠳᠠᠨ ᠤ ᠠᠮᠢᠳᠤᠷᠠᠯ | ᠲᠡᠮᠡᠴᠡᠯ ᠢ ᠬᠠᠷᠠᠭᠤᠯᠤᠭᠰᠠᠨ ᠨᠤᠮ ᠵᠤᠬᠢᠶᠠᠯ ᠢ ᠴᠦ ᠤᠩᠰᠢᠵᠦ᠂ ᠮᠡᠳᠡᠯᠭᠡ ᠤᠬᠠᠭᠠᠨ᠂ ᠲᠤᠷᠰᠢᠯᠭ᠎ᠠ ᠰᠤᠷᠭᠠᠮᠵᠢ ᠬᠡᠬᠦᠴᠢᠯᠡᠨ | ᠶᠠᠷᠢᠯᠴᠠᠵᠦ᠂ ᠤᠶᠤᠨᠯᠢᠭ ᠰᠠᠶᠢᠬᠠᠨ ᠠᠮᠢᠳᠤᠷᠠᠯ ᠢ ᠦᠩᠭᠡᠷᠡᠭᠡᠳᠡᠭ ᠪᠤᠯᠵᠠᠢ᠃ ᠶᠡᠭᠡ ᠰᠤᠷᠭᠠᠭᠤᠯᠢ ᠶᠢᠨ ᠠᠮᠢᠳᠤᠷᠠᠯ ᠨᠢ | ᠲᠡᠳᠡᠨ ᠳᠤ ᠨᠡᠶᠢᠭᠡᠮ ᠤᠨ ᠰᠠᠶᠢᠬᠠᠨ ᠬᠠᠷᠢᠯᠴᠠᠭ᠎ᠠ ᠶᠢ ᠲᠡᠪᠢᠰᠴᠦ᠂ ᠵᠡᠷᠭᠡᠯᠳᠡᠭᠡ ᠠᠶᠢᠮᠠᠭ ᠬᠤᠰᠢᠭᠤ᠂ ᠲᠡᠭᠦᠨᠴᠢᠯᠡᠨ ᠬᠠᠷᠢ | ᠭᠠᠳᠠᠭᠠᠳᠤ ᠳᠤ ᠪᠠᠶᠢᠭ᠎ᠠ ᠨᠠᠶᠢᠵᠠ ᠨᠦᠬᠦᠳ᠂ ᠰᠤᠷᠤᠯᠭ᠎ᠠ ᠶᠢᠨ ᠠᠨᠳᠠ ᠨᠢ ᠰᠤᠨᠢᠨ ᠰᠠᠶᠢᠬᠠᠨ ᠨᠤᠮ ᠪᠢᠴᠢᠭ ᠢᠯᠡᠭᠡᠳᠡᠭ | ᠲᠡᠳᠦᠢ ᠦᠭᠡᠢ᠂ ᠡᠷᠳᠡᠮ ᠪᠤᠯᠪᠠᠰᠤᠷᠠᠯ᠂ ᠡᠵᠡᠩᠨᠡᠨ ᠬᠠᠮᠢᠶᠠᠷᠤᠯᠳᠠ ᠭᠡᠬᠦᠴᠢᠯᠡᠨ ᠠᠮᠢᠳᠤᠷᠠᠯ ᠤᠨ ᠲᠤᠷᠰᠢᠯᠭ᠎ᠠ ᠶᠢ ᠴᠦ | ᠰᠤᠨᠤᠰᠳᠠᠭ ᠪᠠᠶᠢᠯ᠎ᠠ᠃ ᠡᠶᠢᠨᠬᠦ ᠴᠤᠠᠠᠪᠠᠳᠠᠷᠠᠬᠤ᠂ ᠰᠠᠷᠠᠠᠳᠤᠩᠭᠠᠯᠠᠭ ᠲᠡᠭᠡᠳᠦᠰ ᠠᠴᠠ ᠤᠯᠠᠮᠵᠢᠯᠠᠭᠰᠠᠨ ᠮᠠᠯᠴᠢᠨ ᠠᠮᠢᠳᠤᠷᠠᠯ | ᠢᠶᠠᠨ ᠲᠡᠭᠡᠳᠦᠯᠡᠨ ᠵᠠᠯᠭᠠᠮᠵᠢᠯᠠᠵᠦ᠂ ᠭᠡᠭᠡᠷᠡᠯ ᠪᠤᠯᠪᠠᠰᠤᠷᠠᠯ ᠤᠨ ᠦᠩᠭᠡ ᠠᠶᠠᠰ ᠲᠠᠢ ᠰᠢᠨ᠎ᠡ ᠮᠠᠯᠴᠢᠨ ᠤ ᠵᠢᠷᠭᠠᠯᠳᠤ | ᠠᠮᠢᠳᠤᠷᠠᠯ ᠢᠶᠠᠨ ᠴᠤᠭᠴᠠᠯᠠᠵᠦ ᠶᠠᠪᠤᠨ᠎ᠠ᠃ |