ᠨᠤᠮ ᠤᠨ ᠪᠤᠶᠠᠨ ᠢᠶᠠᠷ ᠲᠡᠷᠭᠡᠯᠰᠢᠭᠰᠡᠨ ᠡᠭᠡᠯ ᠮᠠᠯᠴᠢᠨ ᠤ ᠬᠦᠰᠡᠯ
ᠨᠡᠶᠢᠲᠡᠯᠡᠭᠰᠡᠨ ᠴᠠᠭ᠄
2020/8/25
           ᠨᠤᠮ ᠤᠨ ᠪᠤᠶᠠᠨ ᠢᠶᠠᠷ ᠲᠡᠷᠭᠡᠯᠰᠢᠭᠰᠡᠨ ᠡᠭᠡᠯ ᠮᠠᠯᠴᠢᠨ ᠤ ᠬᠦᠰᠡᠯ                                         ᠨᠤᠮ ᠪᠢᠴᠢᠭ ᠪᠤᠯ ᠬᠦᠮᠦᠨ ᠲᠦᠷᠦᠯᠬᠢᠳᠡᠨ ᠤ ᠤᠭᠤᠷᠠᠭ ᠲᠠᠷᠢᠬᠢᠨ ᠳᠤ ᠤᠶᠤᠨ ᠪᠢᠯᠢᠭ ᠤᠨ ᠬᠤᠷ᠎ᠠ ᠱᠠᠬᠢᠭᠤᠯᠳᠠᠭ ᠠᠭᠤᠳᠠᠯᠵᠤ ᠲᠠᠭᠤᠰᠤᠰᠢ ᠦᠭᠡᠢ ᠡᠷᠳᠡᠨᠢᠰ ᠤᠨ ᠰᠠᠩ ᠪᠠᠶᠢᠳᠠᠭ ᠶᠢᠨ ᠤᠴᠢᠷ ᠨᠤᠮ ᠤᠯᠠᠨ ᠤᠩᠰᠢᠭᠰᠠᠨ ᠬᠦᠮᠦᠨ ᠤ ᠪᠡᠶ᠎ᠡ  ᠠᠴᠠ ᠪᠢᠯᠢᠭ ᠤᠬᠠᠭᠠᠨ ᠤ ᠤᠴᠢ ᠬᠢᠯᠠᠯᠵᠠᠵᠤ᠂ ᠮᠡᠳᠡᠯᠭᠡ ᠡᠷᠳᠡᠮ ᠤᠨ ᠬᠢᠯᠪᠠᠭ᠎ᠠ ᠰᠠᠴᠤᠷᠠᠵᠤ ᠪᠠᠶᠢᠳᠠᠭ ᠨᠢ ᠦᠨᠡᠨ᠃
     ᠪᠠᠶᠠᠨᠬᠤᠰᠢᠭᠤ ᠰᠤᠮᠤᠨ ᠤ ᠰᠠᠶᠢᠬᠠᠨᠨᠠᠭᠤᠷ ᠭᠠᠴᠠᠭ᠎ᠠ ᠪᠠᠷ ᠨᠤᠳᠤᠭᠲᠠᠢ ᠮᠠᠯᠴᠢᠨ ᠱᠤᠭᠠᠷ᠎ᠠ ᠨᠤᠮ ᠰᠠᠶᠢᠨ  ᠤᠩᠰᠢᠳᠠᠭ ᠮᠦᠷᠳᠡᠭᠡᠨ ᠬᠡᠦᠬᠡᠳ ᠢᠶᠠᠨ ᠴᠦ ᠬᠠᠷᠠᠬᠠᠨ ᠪᠠᠭ᠎ᠠ ᠠᠴᠠ ᠨᠢ ᠨᠤᠮ ᠪᠢᠴᠢᠭ ᠲᠠᠢ ᠨᠦᠬᠦᠷᠯᠡᠬᠦᠯᠵᠦ᠂ ᠨᠤᠮ ᠤᠨ ᠪᠠᠭ᠋ᠠᠳᠠᠨ ᠪᠤᠯᠭᠠᠭᠰᠠᠨ ᠶᠠᠪᠤᠳᠠᠯ ᠤᠶᠢᠷ᠎ᠠ ᠬᠠᠪᠢ᠂ ᠨᠤᠳᠤᠭ ᠤᠰᠤᠨ ᠤ ᠢᠶᠠᠨ ᠮᠠᠭᠳᠠᠭᠠᠯ ᠰᠠᠶᠢᠰᠢᠶᠠᠯ ᠢ ᠤᠯᠵᠤ ᠶᠠᠪᠤᠭ᠎ᠠ ᠰᠠᠶᠢᠬᠠᠨ ᠰᠤᠨᠤᠰᠬᠠᠯ ᠢᠶᠠᠷ ᠪᠢᠳᠡ ᠮᠠᠯᠴᠢᠨ ᠱᠤᠭᠠᠷ᠎ᠠ ᠶᠢᠨ ᠬᠢᠨ ᠢ ᠵᠤᠷᠢᠭᠰᠠᠨ ᠪᠢᠯᠡ᠃      ᠰᠤᠷᠪᠤᠯᠵᠢᠯᠠᠭᠴᠢ ᠱᠤᠭᠠᠷ᠎ᠠ ᠶᠢᠨ ᠤᠳᠤᠷ ᠲᠡᠭᠡᠷ᠎ᠡ ᠬᠦᠷᠬᠦ ᠳᠤ᠂ ᠲᠡᠷᠡ ᠶᠠᠭ ᠰᠠᠶ᠋ᠢᠬᠠᠨ ᠬᠤᠶᠠᠷ ᠬᠡᠦᠬᠡᠳ ᠤᠨ ᠢᠶᠠᠨ ᠤᠩᠰᠢᠯᠭ᠎ᠠ ᠶᠢ ᠵᠢᠯᠤᠭᠤᠳᠤᠭᠠᠳ ᠶᠠᠭᠠᠷᠠᠤ ᠪᠠᠶᠢᠬᠤ ᠲᠠᠢ ᠲᠠᠭᠠᠷᠠᠯᠳᠤᠯ᠎ᠠ  ᠃       ᠬᠡᠳᠦᠶᠢᠪᠡᠷ ᠤᠳᠤᠷ ᠢᠶᠠᠷ ᠶᠠᠪᠤᠵᠤ᠂ ᠬᠡᠷ ᠲᠤᠳᠤᠷᠠᠬᠢ ᠡᠳ᠋ᠯᠡᠯ ᠭᠡᠷᠡᠭᠰᠡᠯ ᠨᠢ ᠲᠦᠬᠦᠮ  ᠪᠠᠶᠢᠭᠰᠠᠨ ᠴᠦ ᠮᠤᠩᠭᠤᠯ ᠭᠡᠷ ᠤᠨ ᠢᠶᠠᠨ ᠬᠠᠶᠠᠭ᠎ᠠ ᠲᠠᠭᠠᠭᠤᠯᠤᠨ ᠤᠯᠠᠨ ᠠᠷᠪᠢᠨ ᠨᠤᠮ ᠪᠢᠴᠢᠭ ᠲᠠᠯᠪᠢᠵᠤ ᠪᠠᠶᠢᠭᠰᠠᠨ ᠠᠴᠠ ᠨᠢ ᠦᠵᠡᠬᠦ ᠳᠤ ᠨᠤᠮ ᠪᠢᠴᠢᠭ ᠢ ᠲᠡᠭᠡᠳᠦᠯᠡᠨ᠂ ᠦᠷᠬᠦᠯᠵᠢ ᠨᠤᠮ ᠪᠢᠴᠢᠭ ᠲᠠᠢ ᠨᠦᠬᠦᠷᠯᠡᠵᠦ ᠶᠠᠪᠤᠳᠠᠭ ᠨᠢ ᠢᠯᠡᠭᠡᠨ ᠬᠠᠷᠠᠭᠳᠠᠨ᠎ᠠ᠃
        ᠱᠤᠭᠠᠷ᠎ᠠ ᠶᠢᠨ ᠬᠢᠨ ᠠᠮᠠ ᠪᠦᠯᠢ ᠲᠦᠷᠪᠡᠬᠦᠯᠡ᠂ 1400 ᠭᠠᠷᠤᠢ ᠮᠦ ᠨᠤᠳᠤᠭ ᠪᠡᠯᠴᠢᠭᠡᠷ ᠲᠡᠭᠡᠨ 40 ᠭᠠᠷᠤᠢ ᠦᠭᠡᠷ᠂100 ᠭᠠᠷᠤᠢ ᠬᠤᠨᠢ᠂ ᠭᠤᠴᠢᠭᠠᠳ ᠠᠳᠤᠭᠤ ᠮᠠᠯᠵᠢᠵᠤ ᠶᠠᠪᠤᠭ᠎ᠠ ᠬᠦᠳᠡᠯᠮᠦᠷᠢᠴᠢ ᠤᠠᠭᠠᠨᠯᠢᠭ  ᠠᠶᠢᠯ  ᠃ ᠲᠡᠷᠡᠪᠡᠷ ᠬᠠᠷᠠᠬᠠᠨ ᠪᠠᠭ᠎ᠠ ᠠᠴᠠ ᠪᠠᠨ ᠠᠪᠤ ᠶᠢᠨ ᠢᠶᠠᠨ ᠨᠦᠯᠦᠭᠡ ᠪᠠᠷ ᠨᠤᠮ ᠪᠢᠴᠢᠭ ᠲᠠᠢ ᠨᠦᠬᠦᠷᠯᠡᠬᠦ ᠰᠠᠶᠢᠬᠠᠨ ᠲᠠᠳᠬᠠᠯ  ᠲᠠᠢ ᠪᠤᠯᠵᠤ᠂ ᠲᠦᠩᠭᠡᠵᠢ ᠤᠯᠳᠠᠬᠤ ᠨᠤᠮ ᠢᠶᠠᠨ ᠪᠠᠯ ᠪᠤᠷᠠᠮ ᠰᠢᠭ᠋ ᠠᠮᠳᠠᠷᠬᠠᠨ ᠤᠩᠰᠢᠵᠤ᠂ ᠪᠠᠶᠢᠨ ᠲᠠᠬᠢᠨ ᠰᠤᠳᠤᠯᠵᠤ ᠪᠢᠰᠢᠯᠭᠠᠳᠠᠭ ᠬᠡᠦᠬᠡᠳ ᠪᠠᠭ᠎ᠠ ᠨᠠᠰᠤ ᠢᠶᠠᠨ ᠲᠤᠷᠠᠰᠤᠨ᠂ ᠨᠤᠮ ᠦᠵᠡᠪᠡᠯ ᠤᠩᠰᠢᠳᠠᠭ ᠰᠠᠶᠢᠬᠠᠨ ᠲᠠᠳᠬᠠᠯ ᠢᠶᠠᠨ ᠤᠳᠤ ᠪᠤᠯᠳᠠᠯ᠎ᠠ ᠪᠠᠷᠢᠮᠳᠠᠯᠠᠭᠰᠠᠭᠠᠷ ᠢᠷᠡᠭᠰᠡᠨ  ᠨᠢᠭᠡᠨ ᠪᠢᠯᠡ᠃       ᠨᠡᠶᠢᠭᠡᠮ ᠤᠨ ᠬᠦᠭᠵᠢᠯᠲᠡ ᠶᠢᠨ ᠬᠦᠭ ᠠᠶᠠᠰ ᠢ ᠲᠠᠭᠠᠯᠳᠤᠨ᠂  ᠡᠯᠧᠺᠲᠷᠤᠨ ᠲᠤᠭᠯᠠᠭᠠᠮ᠂ ᠤᠶᠤᠨᠴᠢ ᠭᠠᠷ ᠤᠳᠠᠰᠤ ᠶᠢᠨ ᠨᠡᠶᠢᠳᠡᠮ ᠭᠡᠷᠡᠭᠯᠡᠯᠲᠡ ᠨᠢ ᠦᠰᠪᠦᠷᠢ ᠶᠢᠨ ᠪᠠᠭᠠᠴᠤᠳ ᠠᠴᠠ ᠦᠳᠡᠯᠦᠭᠡ ᠨᠠᠰᠤᠳᠠᠳ ᠲᠤ ᠬᠦᠷᠳᠡᠯ᠎ᠡ ᠭᠠᠷ ᠤᠳᠠᠰᠤ᠂  ᠲᠧᠯᠸᠢᠰ ᠺᠤᠮᠫᠢᠤᠲ᠋ᠧᠷ ᠤᠨ ᠨᠦᠯᠦᠭᠡ ᠶᠢ ᠬᠦᠨ ᠬᠦᠷᠳᠡᠵᠦ᠂  ᠨᠤᠮ ᠤᠩᠰᠢᠬᠤ ᠬᠦᠮᠦᠨ ᠡᠲᠦᠷ ᠤᠨ ᠤᠳᠤ ᠰᠢᠭ᠋ ᠴᠦᠭᠡᠷᠡᠭᠰᠡᠨ ᠦᠵᠡᠭᠳᠡᠯ ᠨᠢ ᠨᠤᠮ  ᠪᠢᠴᠢᠭ ᠢ ᠬᠠᠷᠠᠬᠤ ᠨᠢᠳᠦᠨ ᠤ  ᠴᠡᠴᠡᠭᠡᠢ ᠮᠡᠳᠦ ᠬᠠᠶᠢᠷᠠᠯᠠᠳᠠᠭ ᠱᠤᠭᠠᠷ᠎ᠠ ᠳᠤ ᠠᠪᠴᠤ ᠬᠡᠯᠡᠪᠡᠯ ᠰᠡᠳᠬᠢᠯ ᠡᠮᠵᠡᠭᠯᠡᠳᠡᠭ ᠵᠦᠢᠯ  ᠪᠠᠶᠢᠭᠰᠠᠨ ᠨᠢ ᠦᠨᠡᠨ᠃ ᠡᠶᠢᠨᠬᠦ ᠲᠡᠷᠡᠪᠡᠷ ᠦᠪᠡᠷ ᠤᠨ  ᠪᠡᠶ᠎ᠡ   ᠳᠡᠭᠡᠨ ᠴᠢᠩᠭ᠎ᠠ ᠱᠠᠭᠠᠷᠳᠠᠯᠭ᠎ᠠ ᠲᠠᠯᠪᠢᠵᠤ᠂ ᠬᠤᠶᠠᠷ ᠬᠡᠦᠬᠡᠳ ᠢᠶᠠᠨ ᠲᠤᠳᠤᠮᠳᠠᠨ ᠬᠦᠮᠦᠵᠢᠬᠦᠯᠬᠦ ᠲᠠᠯ᠎ᠠ ᠳᠤ ᠬᠦᠴᠦ ᠤᠬᠠᠭᠠᠨ ᠢᠶᠠᠨ  ᠰᠤᠷᠢᠨ᠂ ᠬᠠᠷᠠᠬᠠᠨ ᠪᠠᠭ᠎ᠠ ᠠᠴᠠ ᠨᠢ ᠨᠤᠮ ᠪᠢᠴᠢᠭ ᠲᠠᠢ ᠨᠦᠬᠦᠷᠯᠡᠬᠦ ᠰᠠᠶᠢᠬᠠᠨ ᠲᠠᠳᠬᠠᠯ ᠢ ᠪᠦᠷᠢᠯᠳᠦᠬᠦᠯᠬᠦ ᠶᠢᠨ ᠲᠤᠰᠠᠲᠠ ᠬᠤᠶᠠᠷ ᠬᠡᠦᠬᠡᠳ ᠢᠶᠠᠨ ᠴᠡᠴᠡᠷᠯᠢᠭ   ᠲᠤ ᠤᠷᠤᠬᠤ ᠠᠴᠠ   ᠨᠢ ᠡᠬᠢᠯᠡᠨ ᠤᠩᠰᠢᠯᠭ᠎ᠠ ᠶᠢᠨ ᠲᠠᠯ᠎ᠠ ᠶᠢ ᠨᠢ ᠴᠢᠩᠭ᠎ᠠ ᠠᠳᠬᠤᠭᠰᠠᠭᠠᠷ ᠢᠷᠡᠵᠠᠢ᠃     ᠡᠲᠦᠭᠡ ᠱᠤᠭᠠᠷ᠎ᠠ ᠵᠢᠨ‌ᠬᠤᠶᠠᠷ ᠬᠡᠦᠬᠡᠳ  ᠪᠠᠷᠠᠭᠤᠨ ᠦᠵᠦᠮᠦᠴᠢᠨ ᠬᠤᠰᠢᠭᠤᠨ ᠤ ᠬᠤᠶᠠᠳᠤᠭᠠᠷ ᠮᠤᠩᠭᠤᠯ ᠪᠠᠭ᠎ᠠ ᠰᠤᠷᠭᠠᠭᠤᠯᠢ ᠳᠤ ᠰᠤᠷᠤᠯᠴᠠᠨ  ᠂  ᠶᠡᠭᠡ ᠬᠦᠦ ᠨᠢ ᠲᠠᠪᠤᠳᠤᠭᠠᠷ ᠤᠨ᠂ ᠪᠠᠭ᠎ᠠ  ᠦᠬᠢᠨ ᠨᠢ ᠭᠤᠷᠪᠠᠳᠤᠭᠠᠷ ᠤᠨ ᠳᠤ ᠰᠤᠷᠤᠯᠴᠠᠵᠤ᠂ ᠪᠠᠭ᠎ᠠ ᠨᠠᠰᠤᠨ ᠳᠠᠭᠠᠨ ᠲᠤᠬᠢᠷᠠᠭᠰᠠᠨ ᠤᠯᠠᠨ ᠰᠠᠶᠢᠬᠠᠨ ᠨᠤᠮ ᠤᠩᠰᠢᠭᠰᠠᠨ ᠪᠦᠭᠡᠳ ᠬᠢᠴᠢᠶᠠᠯ  ᠰᠤᠷᠤᠯᠭ᠎ᠠ  ᠶᠢᠨ ᠬᠢᠷᠢ ᠪᠦᠲᠦᠮᠵᠢ ᠨᠢ ᠴᠦ  ᠮᠠᠰᠢ ᠰᠠᠶᠢᠨ ᠪᠠᠶᠢᠳᠠᠭ ᠨᠢ ᠪᠠᠭ᠋ᠠᠷᠬᠠᠯᠳᠠᠢ  ᠃
     ᠱᠤᠭᠠᠷ᠎ᠠ ᠶᠡᠷᠤᠨᠢ ᠦᠷ᠎ᠡ ᠬᠡᠦᠬᠡᠳ ᠲᠡᠭᠡᠨ ᠲᠠᠭᠤᠷᠢᠶᠠᠯ ᠪᠤᠯᠬᠤ   ᠶᠢ ᠬᠢᠴᠢᠶᠡᠵᠦ ᠶᠠᠪᠤᠳᠠᠭ ᠠᠴᠠ ᠵᠠᠪ ᠯᠠ ᠭᠠᠷᠪᠠᠯ ᠦᠪᠡᠷ ᠢᠶᠠᠨ ᠨᠤᠮ ᠤᠩᠰᠢᠳᠠᠭ ᠪᠠᠶᠢᠵᠤ᠂  ᠨᠤᠮ ᠤᠩᠰᠢᠭᠰᠠᠨ ᠲᠡᠮᠳᠡᠭᠯᠡᠯ ᠬᠢᠵᠦ᠂  ᠤᠩᠰᠢᠭᠰᠠᠨ ᠲᠦᠷᠦᠭᠳᠡᠯ ᠢᠶᠠᠨ ᠨᠠᠷᠢᠨ ᠬᠢᠨᠠᠮᠠᠭᠠᠢ ᠲᠡᠮᠳᠡᠭᠯᠡᠵᠦ ᠶᠠᠪᠤᠳᠠᠭ᠃  ᠲᠡᠷᠡ ᠪᠠᠰᠠ ᠬᠡᠦᠬᠡᠳ   ᠤᠳ ᠤᠨ ᠤᠩᠰᠢᠬᠤ ᠳᠤ ᠲᠤᠬᠢᠷᠠᠬᠤ ᠤᠯᠠᠨ ᠰᠠᠶᠢᠬᠠᠨ ᠨᠤᠮ ᠪᠢᠴᠢᠭ ᠤᠳ ᠢ ᠴᠤᠭᠯᠠᠭᠤᠯᠤᠨ ᠬᠠᠳᠠᠭᠠᠯᠠᠵᠤ᠂  ᠨᠤᠮ ᠪᠢᠴᠢᠭ ᠲᠠᠢ ᠨᠦᠬᠦᠷᠯᠡᠬᠦ ᠤᠷᠴᠢᠨ ᠨᠦᠬᠦᠴᠡᠯ ᠢ  ᠨᠢ ᠪᠦᠷᠢᠯᠳᠦᠬᠦᠯᠦᠨ  ᠂ ᠬᠡᠦᠬᠡᠳ ᠤᠨ ᠢᠶᠠᠨ ᠨᠤᠮ ᠤᠩᠰᠢᠬᠤ ᠤᠷᠮ᠎ᠠ ᠵᠤᠷᠢᠭ ᠢ ᠨᠢ ᠬᠦᠭᠵᠢᠭᠡᠨ᠂ ᠲᠤᠷ᠎ᠠ ᠪᠠᠬ᠎ᠠ ᠶᠢ ᠨᠢ ᠬᠦᠮᠦᠵᠢᠬᠦᠯᠬᠦ ᠳᠤ ᠨᠦᠷ᠎ᠡ ᠶᠡᠭᠡ ᠬᠦᠳᠡᠯᠮᠦᠷᠢ ᠬᠦᠴᠦ ᠵᠠᠷᠤᠴᠠᠭᠤᠯᠵᠤ᠂ ᠰᠢᠨᠡᠬᠡᠨ ᠪᠠᠷᠢᠭᠰᠠᠨ ᠲᠤᠭᠤᠰᠬᠠᠨ ᠭᠡᠷ ᠲᠡᠭᠡᠨ᠂ ᠬᠤᠶᠠᠷ ᠬᠡᠦᠬᠡᠳ ᠤᠨ ᠲᠤᠰᠪᠤᠷᠢ ᠨᠢᠭᠡ‌ᠨᠤᠮ ᠤᠨ ᠦᠷᠦᠬᠡ ᠭᠠᠷᠭᠠᠨ᠂ ᠤᠩᠰᠢᠬᠤ ᠲᠤᠷᠠᠲᠠᠢ ᠨᠤᠮ ᠪᠤᠯᠤᠨ ᠤᠩᠰᠢᠬᠤ ᠳᠤ ᠲᠤᠬᠢᠷᠠᠬᠤ ᠨᠤᠮ ᠢ ᠨᠢ ᠲᠦᠷᠦᠯ ᠬᠤᠪᠢᠶᠠᠨ ᠵᠢᠭᠳᠡᠷᠡᠬᠦᠯᠦᠨ ᠲᠠᠯᠪᠢᠵᠤ ᠦᠭᠭᠦᠭᠰᠡᠨ ᠪᠠᠶᠢᠯ᠎ᠠ᠃   ᠲᠡᠷᠡ ᠪᠠᠰᠠ ᠵᠦᠪᠬᠡᠨ ᠦᠪᠡᠷ ᠤᠨ ᠬᠡᠦᠬᠡᠳ ᠢᠶᠠᠨ ᠯᠡ ᠱᠠᠭᠠᠷᠳᠠᠭᠠᠳ ᠵᠤᠭᠰᠤᠭᠰᠠᠨ ᠪᠢᠰᠢ᠂ ᠬᠠᠷᠢᠨ ᠠᠩᠭᠢ ᠨᠢᠭᠡᠴᠡ  ᠶᠢᠨ ᠬᠡᠷ ᠤᠨ ᠠᠬᠠᠮᠠᠳ ᠤᠨ ᠲᠦᠯᠦᠭᠡᠯᠡᠭᠴᠢ ᠪᠤᠯᠤᠭᠰᠠᠨ ᠤ ᠬᠤᠪᠢ ᠠᠴᠠ  ᠪᠠᠭᠰᠢᠨᠠᠷ ᠲᠠᠢ ᠢᠳᠡᠪᠬᠢᠲᠠᠢ ᠬᠠᠷᠢᠯᠴᠠᠨ᠂ ᠲᠤᠰᠬᠠᠢ ᠴᠠᠭ ᠭᠠᠷᠭᠠᠨ᠂ ᠸᠢᠴᠠᠲ ᠬᠤᠯᠪᠤᠭ᠎ᠠ ᠪᠠᠷ ᠲᠠᠮᠵᠢᠨ᠂ ᠭᠤᠷᠪᠠᠨ ᠠᠩᠭᠢ ᠶᠢᠨ 130 ᠭᠠᠷᠤᠢ ᠬᠡᠦᠬᠡᠳ ᠤᠨ ᠨᠤᠮ ᠤᠩᠰᠢᠯᠭ᠎ᠠ ᠶᠢ ᠵᠢᠯᠤᠭᠤᠳᠤᠨ᠂ ᠭᠤᠷᠪᠠᠨ ᠲᠤᠭᠤᠶᠢᠯᠠᠩ ᠬᠤᠪᠢᠶᠠᠵᠤ᠂  ᠬᠡᠦᠬᠡᠳ ᠤᠳ ᠤᠨ ᠡᠲᠦᠷ ᠡᠲᠦᠷ ᠤᠨ ᠨᠤᠮ ᠤᠩᠰᠢᠭᠰᠠᠨ ᠪᠠᠶᠢᠳᠠᠯ ᠢ ᠨᠠᠷᠢᠨ ᠯᠠᠪᠯᠠᠨ ᠨᠢᠮᠪᠠᠢ ᠲᠡᠮᠳᠡᠭᠯᠡᠵᠦ᠂ ᠨᠤᠮ ᠤᠩᠰᠢᠬᠤ  ᠰᠠᠶᠢᠬᠠᠨ ᠲᠠᠳᠬᠠᠯ ᠢ ᠪᠤᠢ ᠪᠤᠯᠭᠠᠬᠤ  ᠶᠢᠨ ᠤᠯᠠᠮ ᠠᠴᠠ ᠤᠩᠰᠢᠵᠤ ᠤᠶᠢᠯᠠᠭᠠᠬᠤ᠂ ᠵᠤᠬᠢᠶᠠᠨ ᠪᠢᠴᠢᠬᠦ ᠲᠠᠯ᠎ᠠ ᠶᠢᠨ ᠴᠢᠳᠠᠪᠤᠷᠢ ᠶᠢ   ᠨᠢ ᠲᠡᠭᠡᠭᠰᠢᠯᠡᠬᠦᠯᠬᠦ ᠳᠤ ᠴᠢᠷᠮᠠᠶᠢᠨ ᠠᠵᠢᠯᠯᠠᠵᠤ ᠶᠠᠭᠠᠷᠠᠨ᠎ᠠ᠃    ᠤᠳᠤᠬᠠᠨ ᠳᠤ ᠬᠦᠦ  ᠪᠠᠶᠠᠯᠢᠭ ᠨᠢ 257 ᠨᠤᠮ ᠤᠩᠰᠢᠵᠤ᠂  ᠦᠬᠢᠨ ᠪᠠᠶᠢᠭᠠᠯᠢ ᠨᠢ 230 ᠭᠠᠷᠤᠢ ᠨᠤᠮ ᠤᠩᠰᠢᠨ ᠂  ᠭᠤᠤᠯᠳᠠᠭᠤ ᠠᠷᠠᠳ ᠤᠨ ᠠᠮᠠᠨ ᠦᠯᠢᠭᠡᠷ᠂ ᠲᠡᠦᠬᠡ ᠰᠤᠶᠤᠯ  ᠂ ᠰᠢᠨᠵᠢᠯᠡᠬᠦ ᠤᠬᠠᠭᠠᠨ᠂ ᠵᠠᠩ ᠦᠢᠯᠡ᠂ ᠭᠡᠷ ᠪᠦᠯᠢ  ᠶᠢᠨ ᠬᠦᠮᠦᠵᠢᠯ᠂ ᠠᠮᠵᠢᠯᠲᠠ ᠶᠢᠨ ᠤᠬᠠᠭᠠᠨ᠂  ᠵᠢᠷᠤᠭᠲᠤ ᠲᠡᠪᠳᠡᠷ᠂ ᠤᠷᠠᠨ ᠵᠤᠬᠢᠶᠠᠯ᠂ ᠷᠤᠮᠠᠨ᠂ ᠲᠤᠭᠤᠵᠢᠰ  ᠁ ᠬᠡᠬᠦ ᠮᠡᠲᠦ ᠶᠢᠨ ᠠᠷᠪᠠᠭᠠᠳ ᠲᠦᠷᠦᠯ ᠤᠨ ᠨᠡᠶᠢᠲᠡ 1300 ᠭᠠᠷᠤᠢ ᠨᠤᠮ ᠬᠠᠳᠠᠭᠠᠯᠠᠨ᠂ ᠡᠬᠦᠨ ᠳᠤ ᠬᠡᠦᠬᠡᠳ ᠤᠨ ᠤᠩᠰᠢᠯᠭ᠎ᠠ ᠳᠤ ᠵᠤᠷᠢᠭᠤᠯᠳᠠᠳᠠᠢ ᠨᠤᠮ ᠨᠡᠶᠢᠲᠡ 900 ᠭᠠᠷᠤᠢ ᠶᠢ ᠡᠵᠡᠯᠡᠵᠦ᠂ ᠨᠤᠮ ᠴᠤᠭᠯᠠᠭᠤᠯᠵᠤ ᠬᠠᠳᠠᠭᠠᠯᠠᠭᠤᠯᠬᠤ ᠰᠠᠶᠢᠬᠠᠨ ᠦᠢᠯᠡ   ᠪᠠᠨ ᠦᠷᠬᠦᠯᠵᠢᠯᠡᠬᠦᠯᠦᠭᠰᠡᠭᠡᠷ ᠪᠠᠶᠢᠨ᠎ᠠ ᠁     ᠢᠩᠭᠢᠵᠦ  ᠦᠷ᠎ᠡ ᠤᠨ   ᠢᠶᠠᠨ ᠲᠦᠯᠦᠭᠡ  ᠰᠠᠨᠠᠭᠠᠰᠢᠷᠠᠭᠰᠠᠨ  ᠡᠭᠡᠯ ᠵᠢᠷ ᠤᠨ ᠨᠠᠷᠠᠨ ᠤ ᠪᠤᠷᠤ ᠮᠠᠯᠴᠢᠨ ᠮᠠᠨᠢ ᠦᠷ᠎ᠡ ᠬᠡᠦᠬᠡᠳ ᠢᠶᠠᠨ ᠬᠠᠷᠠᠬᠠᠨ ᠪᠠᠭ᠎ᠠ ᠠᠴᠠ ᠨᠢ ᠨᠤᠮ ᠪᠢᠴᠢᠭ ᠲᠠᠢ ᠨᠦᠬᠦᠷᠯᠡᠬᠦᠯᠦᠨ᠂ ᠵᠦᠪ ᠡᠨᠧᠷᠬᠢ᠂ ᠢᠳᠡᠪᠬᠢ ᠤᠪᠤᠷ᠂ ᠦᠭᠡᠳᠡᠷᠭᠡᠭ ᠦᠵᠡᠯᠳᠡ᠂ ᠢᠳᠡᠭᠡᠯ ᠵᠤᠷᠢᠭ ᠢ ᠤᠩᠰᠢᠭᠰᠠᠨ ᠨᠤᠮ ᠠᠴᠠ   ᠪᠠᠨ ᠠᠳᠢᠰᠯᠠᠨ‌ᠠᠪᠴᠤ  ᠂ ᠡᠷᠳᠡᠮ  ᠮᠡᠳᠡᠯᠭᠡ  ᠶᠢᠨ ᠬᠠᠪᠤ ᠴᠡᠩᠭᠡᠯ ᠢ ᠡᠳ᠋ᠯᠡᠨ᠂ ᠪᠤᠯᠪᠠᠰᠤᠨ ᠶᠤᠰᠤᠷᠬᠠᠭ᠂ ᠲᠡᠰᠪᠦᠷᠢ ᠲᠠᠭᠠᠭᠠᠴᠠ ᠲᠠᠢ ᠵᠠᠩ‌ᠠᠷᠠᠨᠰᠢᠨ ᠢ ᠲᠦᠯᠦᠪᠰᠢᠬᠦᠯᠦᠨ ᠪᠦᠷᠢᠯᠳᠦᠬᠦᠯᠬᠦ ᠳᠤᠨᠢ ᠪᠠᠳᠤ ᠰᠠᠭᠤᠷᠢ ᠶᠢ ᠨᠢ ᠲᠡᠪᠢᠰᠴᠤ ᠦᠭᠭᠦ ᠭᠡᠭᠴᠢ ᠬᠢᠷᠢ ᠶᠡᠭᠡ  ᠴᠢᠷᠮᠠᠶᠢᠯᠭ᠎ᠠ ᠬᠦᠴᠦ ᠤᠷᠤᠰᠬᠠᠭᠰᠠᠨ  ᠢ ᠬᠡᠷᠬᠢᠨ ᠲᠦᠰᠦᠭᠡᠯᠡᠬᠦ ᠪᠢᠯᠡ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号