ᠰᠢᠨ᠎ᠡ ᠵᠢᠯ ᠢᠶᠠᠨ ᠣᠭᠳᠣᠬᠤ ᠲᠣᠭᠯᠠᠯᠳᠠ ᠪᠠᠷ ᠠᠪᠢᠶᠠᠰᠣᠯᠢᠭ ᠬᠡᠦᠬᠡᠳ ᠤᠳ ᠤᠷ᠎ᠠ ᠠᠪᠢᠶᠠᠰ ᠢᠶᠠᠨ ᠬᠠᠷᠠᠭᠤᠯᠣᠯ᠎ᠠ
ᠨᠡᠶᠢᠲᠡᠯᠡᠭᠰᠡᠨ ᠴᠠᠭ᠄
2021/1/8
    ᠰᠢᠨ᠎ᠡ ᠵᠢᠯ ᠢᠶᠠᠨ ᠣᠭᠳᠣᠬᠤ ᠲᠣᠭᠯᠠᠯᠳᠠ ᠪᠠᠷ ᠠᠪᠢᠶᠠᠰᠣᠯᠢᠭ ᠬᠡᠦᠬᠡᠳ ᠤᠳ ᠤᠷ᠎ᠠ ᠠᠪᠢᠶᠠᠰ ᠢᠶᠠᠨ ᠬᠠᠷᠠᠭᠤᠯᠣᠯ᠎ᠠ         ᠤᠶᠢᠷ᠎ᠠ ᠶᠢᠨ ᠡᠳᠦᠷ᠂ ᠬᠤᠰᠢᠭᠤᠨ ᠤ ᠮᠥᠩᠭᠦᠨ ᠮᠢᠺᠷᠣᠹᠣᠨ ᠦᠭᠦᠯᠡᠬᠦ ᠰᠣᠷᠭᠠᠯᠳᠠ ᠶᠢᠨ ᠲᠦᠪ ᠤᠨ ᠰᠢᠨ᠎ᠡ ᠣᠨ ᠢᠶᠠᠨ ᠣᠭᠳᠣᠬᠤ ᠣᠷᠠᠨ ᠰᠠᠶᠢᠬᠠᠨ ᠤ ᠲᠣᠭᠯᠠᠯᠳᠠ ᠬᠦᠭᠵᠢᠶᠡᠨᠳᠠᠢ ᠶᠠᠪᠣᠭᠳᠠᠯ᠎ᠠ᠃
          ᠲᠠᠭᠤᠣ ᠪᠦᠵᠢᠭ ᠲᠠᠢ ᠰᠢᠨ᠎ᠡ ᠵᠢᠯ᠂ ᠰᠢᠨᠡᠭᠡᠨ ᠪᠦᠬᠦᠨ ᠤ ᠡᠬᠢᠯᠡᠯ  ᠃ ᠮᠥᠩᠭᠦᠨ ᠮᠢᠺᠷᠣᠹᠣᠨ ᠦᠭᠦᠯᠡᠬᠦ ᠰᠣᠷᠭᠠᠯᠳᠠ  ᠶᠢᠨ ᠲᠦᠪ ᠤᠨ ᠠᠪᠢᠶᠠᠰᠣᠯᠢᠭ ᠬᠡᠦᠬᠡᠳ ᠤᠳ ᠠᠶ᠎ᠠ ᠲᠠᠭᠤᠣ᠂ ᠣᠷᠠᠨ ᠪᠦᠵᠢᠭ᠂ ᠣᠶᠠᠩᠭᠠᠲᠦ ᠬᠦᠭᠵᠢᠮ ᠢᠶᠠᠷ ᠢᠶᠠᠨ  ᠰᠢᠨ᠎ᠡ ᠣᠨ ᠢᠶᠠᠨ ᠣᠭᠳᠣᠯ᠎ᠠ᠃ ᠬᠤᠶᠠᠳᠣᠭᠠᠷ ᠪᠠᠭ᠎ᠠ ᠰᠣᠷᠭᠠᠭᠤᠯᠢ ᠶᠢᠨ ᠰᠣᠷᠣᠭᠴᠢ ᠲᠡᠷᠭᠡᠯ ᠪᠣᠯ ᠮᠥᠩᠭᠦᠨ ᠮᠢᠺᠷᠣᠹᠣᠨ ᠦᠭᠦᠯᠡᠬᠦ ᠰᠣᠷᠭᠠᠯᠳᠠ ᠶᠢᠨ ᠲᠦᠪ ᠤᠨ ᠣᠣᠭᠠᠨ ᠰᠣᠷᠣᠭᠴᠢ᠂ ᠥᠨᠦᠳᠦᠷ ᠤᠨ ᠲᠣᠭᠯᠠᠯᠳᠠ ᠪᠠᠷ ᠢᠶᠠᠨ ᠦᠪᠡᠷ ᠤᠨ ᠣᠷ᠎ᠠ ᠠᠪᠢᠶᠠᠰ᠂ ᠰᠣᠷᠴᠦ ᠡᠵᠡᠮᠰᠢᠭᠰᠡᠨ ᠮᠡᠷᠭᠡᠵᠢᠯ᠂ ᠰᠡᠳᠬᠢᠭᠳᠡᠯ ᠢᠶᠠᠨ ᠣᠯᠠᠨ ᠨᠠᠶᠢᠵᠠ ᠲᠠᠢ ᠪᠠᠨ ᠬᠤᠪᠢᠶᠠᠯᠴᠠᠯ᠎ᠠ᠃
       ᠲᠡᠷᠭᠡᠯ ᠲᠠᠢ ᠠᠳᠠᠯᠢ ᠪᠠᠷ᠂ 50 ᠭᠠᠷᠣᠢ ᠴᠣᠪᠣᠭᠤ ᠰᠡᠷᠭᠦᠯᠡᠩ ᠬᠡᠦᠬᠡᠳ ᠤᠳ ᠭᠠᠷᠠᠭ ᠤᠨ ᠠᠮᠠᠷᠠᠯᠳᠠ ᠪᠠᠷ ᠮᠥᠩᠭᠦᠨ ᠮᠢᠺᠷᠣᠹᠣᠨ ᠦᠭᠦᠯᠡᠬᠦ ᠰᠣᠷᠭᠠᠯᠳᠠ ᠶᠢᠨ ᠲᠦᠪ ᠲᠤ ᠢᠷᠡᠵᠦ ᠦᠬᠡ ᠬᠡᠯᠡ ᠪᠠᠨ  ᠪᠣᠯᠪᠠᠰᠣᠷᠠᠭᠤᠯᠣᠨ᠂  ᠵᠣᠬᠢᠶᠠᠨ ᠪᠢᠴᠢᠯᠭᠡ᠂  ᠶᠡᠷᠢᠵᠦ ᠢᠯᠡᠳᠭᠡᠬᠦ᠂ ᠦᠪᠡᠷ ᠢ ᠪᠠᠨ ᠲᠡᠭᠦᠯᠳᠡᠷᠵᠢᠭᠦᠯᠬᠦ ᠢᠳᠡᠭᠡᠯ ᠵᠣᠷᠢᠭ ᠢ ᠰᠣᠷᠣᠯᠴᠠᠳᠠᠭ᠃
        ᠦᠨᠦᠳᠦᠷ᠂ ᠦᠭᠦᠯᠡᠬᠦ ᠰᠣᠷᠭᠠᠯᠳᠠ ᠶᠢᠨ ᠲᠦᠪ ᠤᠨ ᠰᠣᠷᠣᠭᠴᠢᠳ ᠰᠢᠯᠦᠭ᠂ ᠨᠠᠶᠢᠷᠠᠭᠤᠯᠣᠯ᠂ ᠲᠦᠷᠭᠡᠨ ᠬᠡᠯᠡᠯᠭᠡ᠂ ᠲᠠᠭᠠᠷᠢᠯᠴᠠᠭ᠎ᠠ᠂ ᠣᠨᠢᠰᠤᠭ᠎ᠠ᠂ ᠵᠦᠴᠦᠬᠡ ᠵᠡᠷᠭᠡ ᠣᠯᠠᠨ ᠲᠦᠷᠦᠯ ᠤᠨ ᠲᠣᠭᠯᠠᠯᠳᠠ ᠪᠠᠷ ᠨᠢᠭᠡ ᠵᠢᠯ ᠤᠨ ᠰᠣᠷᠴᠦ ᠡᠵᠡᠮᠰᠢᠭᠰᠡᠨ ᠢᠶᠠᠨ ᠰᠣᠷᠢᠵᠦ᠂ ᠬᠡᠷ ᠤᠨ ᠠᠬᠠᠮᠠᠳ᠂ ᠨᠠᠶᠢᠵᠠ ᠨᠦᠬᠦᠳ ᠲᠡᠭᠡᠨ ᠬᠠᠷᠠᠭᠤᠯᠬᠤ ᠶᠢᠨ ᠬᠠᠮᠲᠦ ᠬᠠᠶᠢᠷᠠᠲᠦ ᠪᠠᠭᠰᠢ ᠠᠴᠠ ᠪᠠᠨ ᠱᠠᠩᠨᠠᠯ  ᠲᠣᠰᠴᠦ  ᠠᠮᠵᠢᠯᠳᠠ ᠲᠦᠭᠦᠷᠡᠩ  ᠰᠢᠨ᠎ᠡ ᠣᠨ ᠢᠶᠠᠨ  ᠤᠭᠳᠤᠭᠰᠠᠨ ᠪᠠᠶᠢᠨ᠎ᠠ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号