ᠬᠤᠭᠤᠯᠠᠨ ᠤ ᠳᠠᠷᠠᠭ᠎ᠠ ᠲᠠᠷᠠᠭ ᠤᠤᠭᠤᠪᠠᠯ ᠮᠠᠷᠢᠶ᠎ᠠ ᠰᠢᠭᠤᠷᠠᠨ᠎ᠠ ᠭᠡᠵᠦ ᠦᠦ︖  ᠰᠢᠭᠤᠷᠠᠵᠤ ᠴᠢᠳᠠᠬᠤ ᠦᠭᠡᠢ ᠭᠡᠳᠡᠷᠭᠦ ᠪᠠᠨ ᠮᠠᠷᠢᠶᠠᠯᠠᠬᠤ ᠠᠴᠠ ᠬᠢᠴᠢᠶᠡᠭᠡᠷᠡᠢ
ᠨᠡᠶᠢᠲᠡᠯᠡᠭᠰᠡᠨ ᠴᠠᠭ᠄
2020/5/25
        ᠬᠤᠭᠤᠯᠠᠨ ᠤ ᠳᠠᠷᠠᠭ᠎ᠠ ᠲᠠᠷᠠᠭ ᠤᠤᠭᠤᠪᠠᠯ ᠮᠠᠷᠢᠶ᠎ᠠ ᠰᠢᠭᠤᠷᠠᠨ᠎ᠠ ᠭᠡᠵᠦ ᠦᠦ︖  ᠰᠢᠭᠤᠷᠠᠵᠤ ᠴᠢᠳᠠᠬᠤ ᠦᠭᠡᠢ ᠭᠡᠳᠡᠷᠭᠦ ᠪᠠᠨ ᠮᠠᠷᠢᠶᠠᠯᠠᠬᠤ ᠠᠴᠠ ᠬᠢᠴᠢᠶᠡᠭᠡᠷᠡᠢ        ᠠᠷᠠᠳ ᠤᠨ ᠰᠦᠯᠵᠢᠶ᠎ᠡ ᠶᠢᠨ  ᠪᠡᠭᠡᠵᠢᠩ ᠤᠨ  1  ᠰᠠᠷ᠎ᠠ ᠶᠢᠨ  9 ᠤ  ᠡᠳᠦᠷ ᠤᠨ  ᠴᠠᠬᠢᠯᠭᠠᠨ  ᠮᠡᠳᠡᠭᠡ  ᠲᠤᠰᠬᠠᠢ‌ᠮᠡᠷᠭᠡᠵᠢᠯᠲᠡᠨ ᠤ ᠠᠩᠬᠠᠨ ᠤ ᠦᠨᠡᠯᠡᠯᠲᠡ ᠪᠠ ᠶᠡᠭᠡ ᠲᠤᠭ᠎ᠠ ᠪᠠᠷᠢᠮᠲᠠ ᠶᠢᠨ ᠵᠠᠳᠠᠯᠤᠯᠲᠠ ᠪᠠᠷ᠂ ᠲᠦᠷᠦᠭᠦᠬᠡᠨ᠂ 20  ᠵᠦᠢᠯ ‍ᠦᠨ‌‍ᠴᠤᠤ  ᠦᠭᠡ   ᠨᠢ  ︽ᠳ᠋ᠢᠶᠠᠨ  ᠽᠠᠨ·  2018  ᠰᠢᠨᠵᠢᠯᠡᠬᠦ  ᠤᠬᠠᠭᠠᠨ ᠢ  ᠳᠤᠮᠳᠠᠳᠤ  ᠤᠯᠤᠰ ᠲᠤ   ᠲᠦᠭᠡᠮᠡᠯᠵᠡᠭᠦᠯᠬᠦ︾ ᠠᠵᠢᠯᠯᠠᠭᠠᠨ ᠤ ︽ᠠᠷᠪᠠᠨ ᠶᠡᠭᠡ  ︿ ᠰᠢᠨᠵᠢᠯᠡᠬᠦ  ᠤᠬᠠᠭᠠᠨᠴᠢ  ﹀  ᠴᠣᠣ  ᠦᠭᠡ   ᠶᠢᠨ  ᠡᠴᠦᠰᠯᠦᠯᠲᠠ︾ ᠶᠢᠨ  ᠱᠠᠩᠨᠠᠯ ᠳᠤ ᠰᠣᠩᠭᠤᠭᠳᠠᠵᠤ᠂ ᠡᠭᠦᠨ ᠳᠤ ︽ᠬᠤᠭᠤᠯᠠᠨ  ᠤ ᠳᠠᠷᠠᠭ᠎ᠠ ᠲᠠᠷᠠᠭ ᠤᠤᠭᠤᠪᠠᠯ ᠮᠠᠷᠢᠶ᠎ᠠ  ᠰᠢᠭᠤᠷᠠᠨ᠎ᠠ︾ ᠭᠡᠰᠡᠨ ᠨᠢᠭᠡᠨ ᠵᠣᠷᠪᠣᠰ ᠪᠠᠶᠢᠨ᠎ᠠ᠃ ᠲᠤᠰ ᠴᠤᠤ ᠦᠭᠡ ᠳᠤ᠂ ᠪᠤᠳᠠᠭ᠎ᠠ ᠢᠳᠡᠭᠰᠡᠨ ᠤ  ᠬᠤᠶᠢᠨ᠎ᠠ  ᠪᠠᠷᠤᠭ  ᠬᠤᠶᠠᠷ  ᠴᠠᠭ ᠤᠨ  ᠳᠠᠷᠠᠭ᠎ᠠ᠂  ᠬᠦᠮᠦᠨ ‍ᠦ‌ᠬᠤᠳᠣᠭᠤᠳᠤᠨ ᠰᠢᠩᠭᠡᠨ ᠤ pH ᠬᠡᠮᠵᠢᠭᠳᠡᠯ ᠨᠢ 3 ~5 ᠪᠣᠯᠣᠨ ᠳᠡᠭᠡᠭᠰᠢᠯᠡᠳᠡᠭ᠂ ᠡᠨᠡ ᠦᠶ᠎ᠡ ᠳᠤ ᠲᠠᠷᠠᠭ ᠤᠤᠭᠤᠬᠤ ᠨᠢ᠂ ᠢᠳᠡᠰᠢ ᠶᠢ ᠰᠢᠩᠭᠡᠭᠡᠬᠦ ᠪᠠᠷ ᠪᠠᠷᠠᠬᠤ ᠦᠭᠡᠢ ᠪᠠᠰᠠ ᠮᠠᠷᠢᠶ᠎ᠠ ᠰᠢᠭᠤᠷᠠᠭᠤᠯᠬᠤ ᠦᠢᠯᠡᠳᠦᠯ ᠲᠠᠢ ᠭᠡᠵᠡᠢ᠃            ᠡᠭᠦᠨ ᠢ ᠦᠨᠳᠦᠰᠦᠯᠡᠨ᠂ ᠳᠤᠮᠳᠠᠳᠤ ᠤᠯᠤᠰ ᠤᠨ ᠲᠠᠷᠢᠶᠠᠯᠠᠩ ᠤᠨ ᠶᠡᠭᠡ ᠰᠤᠷᠭᠠᠭᠤᠯᠢ ᠶᠢᠨ ᠰᠢᠮ᠎ᠡ ᠲᠡᠵᠢᠭᠡᠯ  ᠪᠣᠯᠣᠨ‌ᠢᠳᠡᠭᠡᠨ ᠤ ᠠᠶᠤᠯᠭᠦᠢ ᠶᠢᠨ ᠰᠠᠯᠪᠤᠷᠢ ᠶᠢᠨ ᠳᠡᠳ᠋ ᠫᠷᠣᠹᠧᠰᠰᠣᠷ ᠹᠠᠨ ᡁᠢ ᠬᠤᠩ ᠢᠯᠡᠷᠬᠡᠶᠢᠯᠡᠭᠰᠡᠨ ᠨᠢ᠂  ᠲᠠᠷᠠᠭ   ᠨᠢ  ᠵᠦᠪᠬᠡᠨ‌‍ᠬᠦ᠋ᠮᠦᠨ ᠤ ᠪᠡᠶ᠎ᠡ ᠶᠢᠨ ᠭᠡᠳᠡᠰᠦᠨ ᠳᠤ ᠨᠡᠯᠢᠶᠡᠳ  ᠲᠤᠬᠢᠷᠠᠮᠵᠢᠲᠠᠢ  ᠪᠠᠶᠢᠵᠤ᠂  ᠬᠤᠳᠤᠭᠤᠳᠤ  ᠭᠡᠳᠡᠰᠦᠨ ᠤ  ᠬᠠᠯᠳᠠᠪᠤᠷᠢᠯᠠᠯ ‍ᠤᠨ‌ᠨᠣᠷᠮ᠎ᠠ ᠶᠢ ᠪᠠᠭᠠᠰᠬᠠᠨ᠎ᠠ᠃ ᠭᠡᠪᠡᠴᠦ ᠣᠳᠣᠬᠠᠨ ᠳᠤ ᠲᠠᠷᠠᠭ   ᠨᠢ  ᠰᠢᠩᠭᠡᠭᠡᠯᠲᠡ ᠶᠢ  ᠲᠦᠷᠭᠡᠳᠬᠡᠬᠦ ᠶᠢ  ᠭᠡᠷᠡᠴᠢᠯᠡᠬᠦ  ᠦᠨᠳᠤᠰᠤ‌‍ᠪᠠᠷᠢᠮᠲᠠ ᠦᠭᠡᠢ᠃ ︽ᠬᠡᠲᠦᠷᠡᠲᠡᠯ᠎ᠡ ᠢᠳᠡᠭᠰᠡᠨ ᠤ  ᠳᠠᠷᠠᠭ᠎ᠠ  ᠲᠠᠷᠠᠭ  ᠤᠤᠭᠤᠬᠤ   ᠨᠢ  ︿ ᠬᠤᠭᠤᠯᠠ  ᠨᠡᠮᠡᠭᠰᠡᠨ  ﹀  ᠲᠠᠢ‌‍ᠲ᠋ᠡᠩᠴᠡᠨ᠎ᠡ᠂ ᠡᠨᠡ ᠨᠢ ᠰᠢᠩᠭᠡᠭᠡᠯᠲᠡ ᠶᠢ ᠰᠠᠶᠢᠵᠢᠷᠠᠭᠤᠯᠬᠤ ᠦᠷ᠎ᠡ ᠪᠦᠲᠦᠮᠵᠢ ᠣᠯᠵᠤ ᠴᠢᠳᠠᠬᠤ ᠦᠭᠡᠢ ᠮᠦᠷᠲᠡᠬᠡᠨ ᠭᠡᠳᠡᠷᠭᠦ ᠪᠡᠨ‌ᠢᠯᠴᠢ ᠶᠢᠨ ᠬᠡᠮᠵᠢᠶ᠎ᠡ ᠶᠢ ᠨᠡᠮᠡᠭᠳᠡᠭᠦᠯᠳᠡᠭ᠃︾ ᠡᠭᠦᠨ ᠠᠴᠠ ᠭᠠᠳᠠᠨ᠎ᠠ᠂  ᠣᠳᠣᠬᠠᠨ ᠤ  ᠪᠠᠶᠢᠭ᠎ᠠ  ᠦᠨᠳᠤᠰᠤ  ᠪᠠᠷᠢᠮᠲᠠ ᠡᠴᠠ‌ᠦᠵᠡᠪᠡᠯ᠂ ᠲᠠᠷᠠᠭ ᠤᠨ ᠲᠤᠰ ᠪᠡᠶ᠎ᠡ  ᠨᠢ ᠬᠦᠮᠦᠨ ᠤ ᠪᠡᠶ᠎ᠡ ᠶᠢᠨ ᠵᠢᠮ᠎ᠡ ᠪᠤᠰᠤ  ᠪᠤᠶᠤ ᠳᠣᠣᠷ᠎ᠠ ᠲᠠᠪᠲᠠᠮᠵᠢᠳᠤ  ᠬᠤᠳᠣᠭᠤᠳᠤ ᠵᠢᠨ‌ᠠᠵᠢᠯᠯᠠᠭ᠎ᠠ ᠶᠢ ᠵᠠᠯᠠᠷᠠᠭᠤᠯᠵᠤ ᠴᠢᠳᠠᠬᠤ ᠦᠭᠡᠢ᠂ ᠰᠢᠩᠭᠡᠭᠡᠬᠦ ᠢᠰᠭᠡᠭᠦᠷ ᠴᠦ ᠠᠭᠤᠯᠬᠤ  ᠦᠭᠡᠢ  ᠪᠠᠶᠢᠳᠠᠭ  ᠪᠤᠯᠬᠤᠷ  ᠪᠤᠰᠤᠳ ᠪᠣᠳᠠᠰ ᠢ ᠰᠢᠩᠭᠡᠭᠡᠬᠦ ᠳᠤ ᠦᠨᠡᠨ ᠬᠦ ᠲᠤᠰᠠ ᠪᠣᠯᠵᠤ ᠴᠢᠳᠠᠬᠤ ᠦᠭᠡᠢ ᠶᠤᠮ ᠭᠡᠵᠡᠢ᠃             ᠡᠩ ᠤᠨ ᠪᠠᠶᠢᠳᠠᠯ ᠳᠣᠣᠷ᠎ᠠ᠂ 100g ᠦᠨᠢᠶᠡᠨ ᠰᠦ ᠳᠤ 54  ᠺᠢᠯᠤᠺᠠᠯᠤᠷᠢ  ᠺᠠᠯᠤᠷᠢ  ᠠᠭᠤᠯᠤᠭᠳᠠᠵᠤ᠂  ᠴᠤᠯ‌‍ᠰᠦ᠋ᠨ ᠲᠠᠷᠠᠭ ᠲᠤ 72 ᠺᠢᠯᠤᠺᠠᠯᠤᠷᠢ ᠠᠭᠤᠯᠤᠭᠳᠠᠨ᠎ᠠ᠃ ᠲᠣᠰᠣ ᠪᠠᠭ᠎ᠠ   ᠲᠠᠢ  ᠲᠠᠷᠠᠭ ᠤᠨ  ᠴᠤ  ᠢᠯᠴᠢ   ᠨᠢ  ᠪᠠᠭ᠎ᠠ  ᠪᠤᠰᠤ‌‍ᠪᠠᠶᠢᠳᠠᠭ᠃ ᠬᠤᠭᠤᠯᠠᠨ ᠤ ᠳᠠᠷᠠᠭ᠎ᠠ ᠲᠠᠷᠠᠭ ᠤᠤᠭᠤᠬᠤ ᠨᠢ ᠨᠡᠩ ᠶᠡᠭᠡ ᠢᠯᠴᠢ ᠰᠢᠩᠭᠡᠭᠡᠨ ᠠᠪᠴᠤ ᠪᠠᠶᠢᠭ᠎ᠠ  ᠶᠠᠪᠤᠳᠠᠯ  ᠮᠦᠨ᠂ᠤᠷᠲᠤ ᠬᠤᠭᠤᠴᠠᠭ᠎ᠠ ᠪᠠᠷ  ᠢᠩᠭᠢᠪᠡᠯ  ᠪᠡᠶ᠎ᠡ ᠶᠢᠨ  ᠬᠦᠨᠳᠦ  ᠪᠠᠭᠤᠷᠠᠬᠤ  ᠦᠭᠡᠢ  ᠮᠦᠷᠲᠡᠭᠡᠨ  ᠭᠡᠳᠡᠷᠭᠦ ᠪᠠᠨ  ᠨᠡᠮᠡᠭᠳᠡᠳᠡᠭ᠃ ᠡᠶᠢᠮᠦ ᠠᠴᠠ ᠵᠦᠢ ᠵᠣᠬᠢᠰᠲᠠᠢ ᠢᠳᠡᠭᠡᠨ  ᠤᠮᠳᠠᠭᠠᠨ ᠤ  ᠰᠠᠭᠤᠷᠢᠨ  ᠳᠡᠭᠡᠷ᠎ᠡ  ᠳᠠᠬᠢᠨ ᠲᠠᠷᠠᠭ ᠤᠤᠭᠤᠬᠤ   ᠨᠢ  ᠮᠠᠷᠢᠶᠠᠯᠠᠬᠤ ᠲᠦᠭᠰᠢᠭᠦᠷᠢ ᠶᠢ ᠨᠡᠮᠡᠭᠳᠡᠭᠦᠯᠳᠡᠭ ᠪᠠᠶᠢᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号