ᠬᠡᠦᠬᠡᠳ ᠤᠨ ᠪᠦᠭᠰᠡ ᠶᠢ ᠴᠤᠬᠢᠵᠤ ᠵᠠᠩᠳᠤᠷᠬᠤ ᠨᠢ ᠬᠡᠦᠬᠡᠳ ᠤᠨ ᠨᠡᠶᠢᠭᠡᠮ ᠤᠨ ᠬᠠᠷᠢᠯᠴᠠᠭ᠎ᠠ ᠶᠢ ᠨᠥᠯᠥᠭᠡᠯᠡᠨ᠎ᠡ
ᠨᠡᠶᠢᠲᠡᠯᠡᠭᠰᠡᠨ ᠴᠠᠭ᠄
2020/5/25
        ᠬᠡᠦᠬᠡᠳ ᠤᠨ ᠪᠦᠭᠰᠡ ᠶᠢ ᠴᠤᠬᠢᠵᠤ ᠵᠠᠩᠳᠤᠷᠬᠤ ᠨᠢ ᠬᠡᠦᠬᠡᠳ ᠤᠨ ᠨᠡᠶᠢᠭᠡᠮ ᠤᠨ ᠬᠠᠷᠢᠯᠴᠠᠭ᠎ᠠ ᠶᠢ ᠨᠥᠯᠥᠭᠡᠯᠡᠨ᠎ᠡ        ᠬᠡᠦᠬᠡᠳ ᠤᠨ ᠪᠦᠭᠰᠡ ᠶᠢ ᠴᠤᠬᠢᠵᠤ ᠵᠠᠩᠳᠤᠷᠬᠤ ᠨᠢ  ᠪᠦᠬᠦ  ᠳᠡᠯᠡᠬᠡᠶ ᠶᠢᠨ  ᠡᠴᠢᠭᠡ  ᠡᠬᠡᠴᠦᠦᠯ ᠤᠨ  ᠬᠠᠮᠤᠭ ᠡᠴᠠ‌ᠦᠷᠭᠦᠯᠵᠢ ᠬᠡᠷᠡᠭᠯᠡᠳᠡᠭ  ᠬᠡᠦᠬᠡᠳ  ᠰᠤᠷᠭᠠᠬᠤ  ᠠᠷᠭ᠎ᠠ  ᠮᠠᠶ᠋ᠢᠭ ᠤᠨ  ᠨᠢᠭᠡ  ᠪᠤᠯᠤᠨ᠎ᠠ᠃  ᠠᠮᠧᠷᠢᠺᠠ ᠶᠢᠨ  ᠮᠢᠰᠢᠭᠠᠠ  ᠶᠡᠭᠡ‌‍ᠰᠤᠷᠭᠠᠭᠤᠯᠢ ᠶᠢᠨ ᠨᠢᠭᠡᠨ ᠰᠢᠨ᠎ᠡ ᠰᠤᠳᠤᠯᠭᠠᠨ ᠢᠶᠠᠷ ᠭᠡᠷᠡᠴᠢᠯᠡᠭᠰᠡᠨ ᠨᠢ᠂ ᠨᠡᠩ ᠥᠷᠭᠡᠨ ᠬᠡᠪᠴᠢᠶᠡᠨ ᠳᠤ  ᠠᠪᠴᠤ  ᠦᠵᠡᠪᠡᠯ᠂ᠬᠡᠦᠬᠡᠳ ᠤᠨ ᠪᠦᠭᠰᠡ ᠶᠢ ᠴᠤᠬᠢᠵᠤ ᠵᠠᠩᠳᠤᠷᠬᠤ ᠶᠢᠨ ᠬᠡᠦᠬᠡᠳ ᠲᠤ ᠦᠵᠡᠭᠦᠯᠬᠦ  ᠬᠤᠣᠷ  ᠬᠥᠨᠥᠭᠡᠯ ᠨᠢ  ᠡᠮᠦᠨ᠎ᠡ ᠨᠢ  ᠮᠡᠳᠡᠵᠦ‌‍ᠪᠠᠶᠢᠭᠰᠠᠨ ᠠᠴᠠ ᠨᠡᠩ ᠶᠡᠭᠡ ᠪᠠᠶᠢᠳᠠᠭ᠃              ᠡᠨᠡ  ᠬᠦ  ᠳᠡᠯᠡᠬᠡᠶ  ᠨᠡᠶᠢᠲᠡ ᠶᠢᠨ  ᠴᠢᠨᠠᠷᠲᠠᠶ  ᠰᠢᠨ᠎ᠡ   ᠰᠤᠳᠤᠯᠭᠠᠨ ᠨᠢ   ᠤᠯᠠᠨ   ᠤᠯᠤᠰ ᠤᠨ   ᠬᠤᠯᠪᠣᠭᠠᠲᠤ‌‍ᠪᠠᠶᠢᠭᠤᠯᠤᠯᠭ᠎ᠠ ᠶᠢᠨ ᠬᠡᠦᠬᠡᠳ ᠤᠨ ᠰᠠᠭᠤᠷᠢ ᠮᠥᠩᠭᠦᠨ ᠤ ᠨᠡᠶᠢᠭᠡᠮᠯᠢᠭ ᠤᠨ  62  ᠤᠯᠤᠰ ᠠᠴᠠ  ᠴᠤᠭᠯᠠᠭᠤᠯᠤᠭᠰᠠᠨ  ᠲᠤᠭ᠎ᠠ‌‍ᠪᠠᠷᠢᠮᠲᠠ ᠶᠢ ᠠᠰᠢᠭᠯᠠᠵᠠᠢ᠃ 1/3 ᠶᠢᠨ ᠰᠤᠷᠪᠤᠯᠵᠢᠯᠠᠭ᠎ᠠ  ᠬᠦᠯᠢᠶᠡᠨ  ᠠᠪᠤᠭᠴᠢ ᠶᠢᠨ  ᠦᠵᠡᠬᠦ ᠪᠠᠷ᠂  ᠬᠡᠦᠬᠡᠳ ᠢ  ᠴᠤᠬᠢᠵᠤ‌ᠵᠠᠩᠳᠤᠷᠬᠤ ᠨᠢ ᠬᠡᠦᠬᠡᠳ ᠢ ᠵᠥᠪ ᠠᠰᠠᠷᠠᠨ ᠲᠡᠵᠢᠭᠡᠬᠦ ᠪᠤᠶᠤ ᠰᠤᠷᠭᠠᠨ  ᠬᠥᠮᠦᠵᠢᠭᠦᠯᠬᠦ ᠳᠤ  ᠵᠠᠶᠢᠯᠠᠰᠢ  ᠦᠭᠡᠢ  ᠴᠢᠬᠤᠯᠠᠲᠠᠢ᠃ᠰᠤᠳᠤᠯᠤᠭᠳᠠᠬᠤᠨ  ᠪᠣᠯᠤᠭᠰᠠᠨ  ᠬᠡᠦᠬᠡᠳ ᠤᠳ ᠤᠨ  ᠳᠤᠲᠤᠷ᠎ᠠ᠂  43% ᠶᠢᠨ  ᠬᠡᠦᠬᠡᠳ ᠨᠢ  ᠪᠦᠭᠰᠡ ᠪᠠᠨ  ᠴᠤᠬᠢᠭᠤᠯᠵᠦ‌ᠦᠩᠭᠡᠷᠡᠭᠰᠡᠨ  ᠪᠤᠶᠤ  ᠲᠡᠳᠡᠨ ᠤ  ᠪᠠᠶᠢᠭ᠎ᠠ  ᠭᠡᠷ  ᠪᠦᠯᠢ ᠶᠢᠨ  ᠥᠭᠡᠷ᠎ᠡ  ᠨᠢᠭᠡ  ᠬᠡᠦᠬᠡᠳ ᠨᠢ  ᠪᠦᠭᠰᠡ ᠪᠠᠨ  ᠴᠤᠬᠢᠭᠤᠯᠵᠦ‌ᠦᠩᠭᠡᠷᠡᠭᠰᠡᠨ ᠪᠠᠶᠢᠨ᠎ᠠ᠃             ᠰᠤᠳᠤᠯᠭᠠᠨ ᠠᠴᠠ ᠦᠵᠡᠪᠡᠯ᠂ ᠬᠡᠦᠬᠡᠳ ᠥᠪᠡᠷ ᠢᠶᠠᠨ ᠪᠦᠭᠰᠡ ᠪᠠᠨ ᠴᠤᠬᠢᠭᠤᠯᠬᠤ ᠪᠤᠶᠤ ᠲᠡᠭᠦᠨ ᠤ  ᠠᠬ᠎ᠠ  ᠳᠡᠭᠦᠦ‌ᠡᠭᠡᠴᠢ  ᠥᠬᠢᠨ  ᠳᠡᠭᠦᠦ ᠨᠢ  ᠪᠥᠭᠰᠡ ᠪᠠᠨ  ᠴᠤᠬᠢᠭᠤᠯᠬᠤ ᠶᠢᠨ  ᠠᠯᠢ ᠨᠢ  ᠪᠠᠶᠢᠭᠰᠠᠨ  ᠴᠤ᠂  ᠬᠡᠦᠬᠡᠳ ᠤᠨ  ᠨᠡᠶᠢᠭᠡᠮ ‍ᠤᠨ‌ᠬᠠᠷᠢᠯᠴᠠᠭᠠᠨ ᠤ ᠴᠢᠳᠠᠪᠤᠷᠢ ᠳᠤ ᠴᠥᠮ ᠨᠥᠯᠥᠭᠡ ᠲᠠᠢ  ᠪᠠᠶᠢᠳᠠᠭ᠃  ᠲᠤᠰ  ᠰᠤᠳᠤᠯᠭᠠᠨ ᠤ  ᠮᠡᠳᠡᠭᠦᠯᠦᠯᠲᠡ ᠶᠢᠨ  ᠨᠢᠭᠡᠳᠦᠭᠡᠷ‌ᠵᠣᠬᠢᠶᠠᠭᠴᠢ᠂ ᠨᠡᠶᠢᠭᠡᠮ ᠤᠨ ᠠᠵᠢᠯ ᠪᠠ ᠨᠡᠶᠢᠭᠡᠮ ᠤᠨ ᠤᠬᠠᠭᠠᠨ  ᠰᠤᠳᠤᠯᠳᠠᠭ  ᠳ᠋ᠣᠺᠲ᠋ᠣᠷᠠᠨᠲ  ᠭᠠᠷᠧᠲ  ·  ᠫᠧᠰ᠄  ︽ᠡᠨᠡ‌ᠦᠯᠢᠭᠡᠷ ᠠᠴᠠ  ᠠᠪᠴᠤ  ᠦᠵᠡᠪᠡᠯ᠁  ᠬᠡᠦᠬᠡᠳ ᠤᠨ  ᠪᠦᠭᠰᠡ ᠶᠢ  ᠴᠤᠬᠢᠬᠤ ᠶᠢᠨ  ᠬᠤᠣᠷ   ᠬᠦᠨᠦᠭᠡᠯ ᠨᠢ   ᠠᠰᠢᠭᠲᠠᠢ‌‍ᠲ᠋ᠠᠯ᠎ᠠ ᠠᠴᠠ ᠪᠠᠨ ᠶᠡᠭᠡ ᠶᠤᠮ ᠰᠢᠭ᠋ ᠪᠠᠶᠢᠨ᠎ᠠ︾ ᠭᠡᠪᠡ᠃            ᠫᠧᠰ ᠪᠠᠰᠠ ᠵᠢᠭᠠᠵᠤ  ᠭᠠᠷᠭᠠᠭᠰᠠᠨ ᠨᠢ᠂  ᠬᠡᠦᠬᠡᠳ ᠢ  ᠴᠤᠬᠢᠵᠤ  ᠵᠠᠩᠠᠳᠤᠷᠬᠤ ᠶᠢ  ᠪᠠᠭᠠᠰᠬᠠᠬᠤ ᠨᠢ  ᠬᠡᠦᠬᠡᠳ ‍ᠤᠨ‌‍ᠰᠡᠳᠬᠢᠯ ᠰᠠᠨᠠᠭᠠᠨ ᠤ ᠳᠠᠷᠤᠭᠠᠰᠤ ᠶᠢ ᠶᠡᠭᠡ ᠪᠠᠷ ᠬᠥᠩᠭᠡᠷᠡᠭᠦᠯᠬᠦ ᠪᠦᠭᠡᠳ ᠪᠦᠬᠦ ᠪᠥᠮᠪᠥᠷᠴᠡᠭ ᠤᠨ ᠬᠡᠦᠬᠡᠳ ᠤᠨ ᠬᠥᠭᠵᠢᠯᠲᠡ ᠵᠢᠨ‌‍ᠪᠠᠶᠢᠳᠠᠯ ᠢ ᠰᠠᠶᠢᠵᠢᠷᠠᠭᠤᠯᠬᠤ ᠪᠤᠯᠤᠨ᠎ᠠ᠃ ᠫᠧᠰ ᠵᠢᠴᠢ ᠲᠡᠭᠦᠨ ᠤ ᠬᠠᠮᠲᠤ ᠠᠵᠢᠯᠯᠠᠭᠴᠢᠳ ᠤᠨ ᠬᠡᠯᠡᠬᠦ ᠪᠠᠷ᠂ ᠦᠨᠡᠨ ᠳᠡᠭᠡᠨ 54ᠤᠯᠤᠰ ᠨᠢᠭᠡᠨᠲᠡ ᠬᠡᠦᠬᠡᠳ ᠢ ᠴᠤᠬᠢᠵᠤ ᠵᠠᠩᠳᠤᠷᠬᠤ ᠶᠢ ᠬᠤᠷᠢᠭᠯᠠᠭᠰᠠᠨ ᠪᠠᠶᠢᠨ᠎ᠠ᠂ ᠡᠨᠡ ᠨᠢ ᠤᠷᠳᠤ ᠬᠤᠭᠤᠴᠠᠭ᠎ᠠ ᠠᠴᠠ ᠠᠪᠴᠤ‌ᠦᠵᠡᠪᠡᠯ ᠬᠡᠦᠬᠡᠳ ᠤᠨ ᠬᠥᠭᠵᠢᠯᠲᠡ ᠳᠤ ᠠᠰᠢᠭᠲᠠᠶ ᠶᠤᠮ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号