ᠨᠠᠰᠤᠲᠠᠨ ᠦᠨᠡᠲᠦ ᠪᠠᠭᠤᠤ ᠪᠠᠨ ᠳᠠᠬᠢᠨ ᠣᠯᠣᠭᠰᠠᠨ ᠳᠠᠭᠠᠨ ᠮᠠᠰᠢ ᠪᠠᠶᠠᠷᠯᠠᠪᠠ | | ᠪᠠᠷᠠᠭᠤᠨ ᠦᠵᠦᠮᠦᠴᠢᠨ ᠬᠤᠰᠢᠭᠤᠨ ᠤ ᠶᠡᠷᠦᠩᠬᠡᠶᠢᠯᠡᠭᠰᠡᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠳᠤ ᠨᠢᠭᠡᠨ | ᠨᠠᠰᠤᠲᠠᠨ ᠨᠠᠷᠡᠨᠴᠡᠴᠡᠭ ᠪᠠᠭᠰᠢ ᠶᠢᠨ ᠭᠠᠷ ᠠᠴᠠ ᠠᠳᠬᠤᠨ ᠬᠡᠯᠡᠬᠦ ᠦᠭᠡ ᠪᠠᠨ ᠣᠯᠵᠤ ᠶᠠᠳᠠᠨ᠂ ︽ᠲᠠᠯᠠᠷᠬᠠᠯ᠎ᠠ︾ ᠯᠠ | ᠭᠡᠵᠦ ᠳᠠᠬᠢᠨ ᠳᠠᠪᠲᠠᠨᠬᠡᠯᠡᠵᠦ ᠪᠠᠶᠢᠯ᠎ᠠ᠃ | 10 ᠰᠠᠷ᠎ᠠ ᠶᠢᠨ 11 ᠤ ᠡᠳᠦᠷ ᠤᠨ ᠦᠳᠡ ᠶᠢᠨ ᠬᠤᠶᠢᠨ᠎ᠠ᠂ ᠨᠠᠰᠤᠲᠠᠨ ᠰᠠᠭᠤᠭᠠᠯᠢ ᠲᠣᠭᠤᠷᠢᠭ ᠤᠨ ᠢᠶᠠᠨ | ᠬᠦᠷᠢᠶᠡᠨ ᠳᠤ ᠰᠡᠯᠡᠭᠦᠴᠡᠵᠦ ᠶᠠᠪᠤᠬᠤ ᠳᠠᠭᠠᠨ ᠰᠠᠨᠠᠮᠰᠠᠷ ᠦᠭᠡᠢ ᠬᠤᠶᠠᠷ ᠲᠦᠮᠡᠨ ᠲᠦᠭᠦᠷᠢᠭ ᠤᠨ ᠥᠷᠲᠡᠭ ᠲᠠᠢ ᠠᠯᠲᠠᠨ | ᠪᠠᠭᠤᠤ ᠪᠠᠨ ᠭᠡᠭᠡᠭᠰᠡᠨ ᠪᠠᠶᠢᠵᠠᠢ᠃ ᠪᠠᠭᠤᠤ ᠪᠠᠨ ᠭᠡᠭᠡᠭᠰᠡᠨ ᠢ ᠮᠡᠳᠡᠭᠡᠳ ᠨᠠᠰᠤᠲᠠᠨ ᠶᠡᠬᠡᠪᠡᠷ ᠵᠣᠪᠠᠵᠤ ᠰᠠᠨᠳᠤᠷᠬᠤ ᠳᠤ | ᠭᠡᠷ ᠤᠨ ᠬᠦᠮᠦᠰ ᠨᠢ ᠰᠠᠭᠤᠭᠠᠯᠢ ᠲᠣᠭᠤᠷᠢᠭ ᠤᠨ ᠢᠶᠠᠨ ᠸᠢᠴᠠᠲ ᠬᠤᠯᠪᠣᠭ᠎ᠠ ᠳᠡᠭᠡᠷ᠎ᠡ ᠰᠤᠷᠠᠭ ᠲᠠᠯᠪᠢᠵᠤ᠂ ᠣᠯᠵᠤ | ᠠᠪᠤᠭᠰᠠᠨ ᠬᠦᠮᠦᠨ ᠪᠠᠶᠢᠪᠠᠯ ᠪᠤᠴᠠᠭᠠᠵᠤ ᠥᠭᠭᠦᠨ᠎ᠡ ᠤᠤ ᠬᠡᠮᠡᠨ ᠬᠦᠰᠡᠵᠡᠢ᠃ ᠢᠩᠭᠢᠬᠦ ᠳᠤ ᠨᠠᠰᠤᠲᠠᠨ ᠪᠠᠭᠤᠤ ᠪᠠᠨ ᠣᠯᠵᠤ | ᠠᠪᠬᠤ ᠪᠣᠯᠣᠯᠴᠠᠭ᠎ᠠ ᠮᠠᠰᠢ ᠪᠠᠭ᠎ᠠ ᠬᠡᠮᠡᠨ ᠵᠣᠪᠠᠵᠤ ᠪᠠᠶᠢᠬᠤ ᠳᠤ ᠨᠢᠭᠡᠨ ᠰᠠᠶᠢᠬᠠᠨ ᠰᠡᠳᠬᠢᠯᠲᠦ ᠬᠦᠮᠦᠨ ᠨᠡᠭᠡᠷᠡᠨ ᠲᠡᠭᠦᠨ ᠤ | ᠪᠠᠭᠤᠤ ᠶᠢ ᠨᠢ ᠬᠦᠷᠭᠡᠵᠦ ᠢᠷᠡᠭᠰᠡᠨ ᠪᠠᠶᠢᠯ᠎ᠠ᠃ | ᠤᠤᠯ ᠨᠢ ᠨᠠᠷᠡᠨᠴᠡᠴᠡᠭ ᠪᠠᠭᠰᠢ ᠠᠵᠢᠯ ᠠᠴᠠ ᠪᠠᠨ ᠪᠠᠭᠤᠭᠠᠳ ᠭᠡᠷ ᠲᠡᠭᠡᠨ ᠬᠠᠷᠢᠬᠤ ᠵᠠᠮ ᠳᠠᠭᠠᠨ ᠨᠠᠰᠤᠲᠠᠨ ᠤ | ᠭᠡᠭᠡᠭᠰᠡᠨ ᠪᠠᠭᠤᠤ ᠶᠢ ᠨᠢ ᠣᠯᠵᠤ ᠠᠪᠴᠠᠢ᠂ ᠪᠠᠭᠤᠤ ᠨᠢ ᠨᠡᠯᠢᠶᠡᠳ ᠦᠨ᠎ᠡ ᠲᠠᠢ ᠪᠣᠯᠬᠤ ᠶᠢ ᠮᠡᠳᠡᠭᠰᠡᠨ ᠲᠡᠷᠡ ᠡᠵᠡᠨ ᠨᠢ | ᠯᠠᠪᠲᠠᠢ ᠶᠡᠭᠡ ᠵᠣᠪᠠᠵᠤ ᠰᠠᠨᠳᠤᠷᠴᠤ ᠪᠠᠶᠢᠬ᠎ᠠ᠂ ᠲᠦᠷᠭᠡᠬᠡᠨ ᠡᠵᠡᠨ ᠢ ᠨᠢ ᠣᠯᠵᠤ ᠪᠤᠴᠠᠭᠠᠵᠤ ᠥᠭᠬᠦ ᠰᠠᠨ ᠭᠡᠵᠦ ᠪᠠᠭᠤᠤ ᠶᠢ | ᠣᠯᠵᠤ ᠠᠪᠤᠭᠰᠠᠨ ᠭᠠᠵᠠᠷ ᠲᠤ ᠣᠯᠠᠨ ᠤᠳᠠᠭ᠎ᠠ ᠬᠦᠷᠴᠦ ᠡᠵᠡᠨ ᠲᠠᠢ ᠨᠢ ᠲᠠᠭᠠᠷᠢᠯᠳᠤᠬᠤ ᠶᠢ ᠬᠦᠰᠡᠵᠡᠢ᠃ ᠸᠢᠴᠠᠲ | ᠬᠤᠯᠪᠣᠭᠠᠨ ᠳᠡᠭᠡᠷᠡᠬᠢ ᠰᠤᠷᠠᠭ ᠢ ᠰᠣᠨᠣᠰᠤᠮᠠᠭᠴᠠ ᠨᠠᠷᠡᠨᠴᠡᠴᠡᠭ ᠳᠠᠷᠤᠶᠢᠬᠠᠨ ᠨᠠᠰᠤᠲᠠᠨ ᠤ ᠭᠡᠷ ᠤᠨ ᠬᠦᠮᠦᠨ ᠲᠠᠢ ᠨᠢ | ᠬᠠᠷᠢᠯᠴᠠᠵᠤ ᠪᠠᠭᠤᠤ ᠶᠢ ᠨᠢ ᠪᠤᠴᠠᠭᠠᠵᠤ ᠥᠭᠴᠡᠢ᠃ ᠪᠠᠭᠤᠤ ᠪᠠᠨ ᠳᠠᠬᠢᠨ ᠣᠯᠣᠭᠰᠠᠨ ᠳᠠᠭᠠᠨ ᠨᠠᠰᠤᠲᠠᠨ ᠮᠠᠰᠢ ᠶᠡᠭᠡ | ᠪᠠᠶᠠᠷᠯᠠᠵᠤ᠂ ᠨᠠᠷᠡᠨᠴᠡᠴᠡᠭ ᠲᠠᠢ ᠣᠯᠠᠨ ᠤᠳᠠᠭ᠎ᠠ ᠸᠢᠴᠠᠲ ᠢᠶᠠᠷ ᠬᠠᠷᠢᠯᠴᠠᠵᠤ ᠲᠡᠭᠦᠨ ᠲᠠᠢ ᠠᠭᠤᠯᠵᠠᠨ ᠲᠠᠯᠠᠷᠬᠠᠯ | ᠳᠡᠪᠰᠢᠭᠦᠯᠬᠦ ᠶᠢ ᠬᠦᠰᠡᠭᠰᠡᠨ ᠪᠣᠯᠪᠠᠴᠤ ᠨᠠᠷᠡᠨᠴᠡᠴᠡᠭ ᠵᠥᠪᠰᠢᠶᠡᠷᠡᠭᠰᠡᠨ ᠦᠭᠡᠢ ᠪᠠᠶᠢᠵᠠᠢ᠃ ᠨᠠᠰᠤᠲᠠᠨ ᠶᠠᠭᠠᠬᠢᠭᠰᠠᠨ ᠴᠤ | ᠲᠠᠯᠠᠷᠬᠠᠭᠰᠠᠨ ᠰᠡᠳᠬᠢᠯ ᠢᠶᠠᠨ ᠢᠯᠡᠳᠬᠡᠬᠦ ᠭᠡᠵᠦ ᠣᠯᠠᠨ ᠬᠦᠮᠦᠨ ᠠᠴᠠ ᠰᠤᠷᠠᠭᠯᠠᠨ ᠪᠠᠭᠤᠤ ᠶᠢ ᠨᠢ ᠣᠯᠵᠤ ᠪᠤᠴᠠᠭᠠᠭᠰᠠᠨ | ᠬᠦᠮᠦᠨ ᠪᠣᠯ ᠶᠡᠷᠦᠩᠬᠡᠶᠢᠯᠡᠭᠰᠡᠨ ᠳᠡᠭᠡᠳᠦ ᠵᠡᠷᠭᠡ ᠶᠢᠨ ᠳᠤᠮᠳᠠᠳᠤ ᠰᠤᠷᠭᠠᠭᠤᠯᠢ ᠶᠢᠨ ᠨᠠᠷᠡᠨᠴᠡᠴᠡᠭ ᠪᠠᠭᠰᠢ ᠪᠣᠯᠬᠤ ᠶᠢ | ᠮᠡᠳᠡᠵᠡᠢ᠃ ᠡᠶᠢᠨᠬᠦ ᠨᠠᠰᠤᠲᠠᠨ ᠨᠠᠷᠡᠨᠴᠡᠴᠡᠭ ᠲᠤ ︽ᠠᠯᠲᠠ ᠣᠯᠪᠠᠴᠤ ᠠᠮᠢᠨ ᠳᠠᠭᠠᠨ ᠠᠪᠳᠠᠭ ᠦᠭᠡᠢ ᠡᠷᠬᠢᠮ ᠰᠤᠷᠲᠠᠯ ᠲᠠᠨᠢ | ᠮᠠᠭᠲᠠᠭᠤᠰᠢᠲᠠᠢ︾ ᠭᠡᠰᠡᠨ ᠪᠢᠴᠢᠭᠡᠰᠦ ᠲᠠᠢ ᠬᠡᠮᠡᠷᠯᠢᠭ ᠲᠤᠭ ᠬᠦᠷᠭᠡᠵᠦ ᠲᠠᠯᠠᠷᠬᠠᠭᠰᠠᠨ ᠰᠡᠳᠬᠢᠯ ᠢᠶᠠᠨ ᠢᠯᠡᠳᠬᠡᠪᠡ᠃ | ᠰᠤᠷᠭᠠᠭᠤᠯᠢ ᠨᠢ ᠴᠤ ᠨᠠᠷᠡᠨᠴᠡᠴᠡᠭ ᠪᠠᠭᠰᠢ ᠶᠢᠨ ᠠᠯᠲᠠ ᠣᠯᠪᠠᠴᠤ ᠠᠮᠢᠨ ᠳᠠᠭᠠᠨ ᠠᠪᠳᠠᠭ ᠦᠭᠡᠢ ᠡᠷᠬᠢᠮ ᠳᠡᠭᠡᠳᠦ ᠦᠢᠯᠡ | ᠠᠵᠢᠯᠯᠠᠭ᠎ᠠ ᠶᠢ ᠨᠢ ᠰᠠᠶᠢᠰᠢᠶᠠᠨ ᠵᠣᠷᠢᠭᠵᠢᠭᠤᠯᠵᠤ᠂ ᠰᠤᠷᠭᠠᠭᠤᠯᠢ ᠶᠢᠨ ᠪᠦᠬᠦ ᠪᠠᠭᠰᠢ ᠰᠤᠷᠤᠭᠴᠢᠳ ᠢᠶᠠᠨ ᠡᠨᠡᠬᠦ ᠵᠥᠪ | ᠡᠨᠧᠷᠭᠢ ᠪᠦᠬᠦᠢ ᠦᠯᠢᠭᠡᠷ ᠳᠠᠭᠤᠷᠢᠶᠠᠯ ᠠᠴᠠ ᠲᠠᠭᠠᠨ ᠰᠤᠷᠤᠯᠴᠠᠬᠤ ᠶᠢ ᠤᠷᠢᠶᠠᠯᠠᠵᠠᠢ᠃ | ᠠᠯᠲᠠ ᠣᠯᠪᠠᠴᠤ ᠠᠮᠢᠨ ᠳᠠᠭᠠᠨ ᠠᠪᠬᠤ ᠦᠭᠡᠢ ᠪᠠᠶᠢᠬᠤ ᠪᠣᠯ ᠳᠤᠮᠳᠠᠳᠤ ᠶᠢᠨ ᠦᠨᠳᠦᠰᠦᠲᠡᠨ ᠤ ᠤᠯᠠᠮᠵᠢᠯᠠᠯᠲᠤ | ᠠᠷᠢᠭᠤᠨ ᠰᠤᠷᠲᠠᠯ ᠪᠣᠯᠣᠨ᠎ᠠ᠂ ᠨᠢᠭᠡ ᠬᠦᠮᠦᠨ ᠤ ᠡᠷᠬᠢᠮ ᠳᠡᠭᠡᠳᠦ ᠶᠣᠰᠣ ᠰᠤᠷᠲᠠᠬᠤᠨ ᠤ ᠢᠯᠡᠷᠡᠯ ᠪᠣᠯᠣᠨ᠎ᠠ᠃ ᠨᠠᠷᠡᠨᠴᠡᠴᠡᠭ | ᠪᠠᠭᠰᠢ ᠡᠨᠡᠬᠦ ᠪᠣᠳᠠᠲᠤ ᠦᠢᠯᠡ ᠠᠵᠢᠯᠯᠠᠭ᠎ᠠ ᠪᠠᠷ ᠢᠶᠠᠨ ᠪᠠᠭᠰᠢ ᠬᠦᠮᠦᠨ ᠤ ᠡᠷᠬᠢᠮ ᠳᠡᠭᠡᠳᠦ ᠬᠡᠪ ᠰᠤᠷᠲᠠᠯ ᠪᠣᠯᠣᠨ | ᠨᠡᠶᠢᠭᠡᠮ ᠤᠨ ᠰᠠᠶᠢᠨ ᠰᠠᠶᠢᠬᠠᠨ ᠶᠣᠰᠣ ᠰᠤᠷᠲᠠᠬᠤᠨ ᠢ ᠬᠠᠷᠠᠭᠤᠯᠵᠤ᠂ ᠥᠷᠭᠡᠨ ᠣᠯᠠᠨ ᠳᠠᠭᠠᠨ ᠳᠠᠭᠤᠷᠢᠶᠠᠯ ᠪᠣᠯᠣᠭᠰᠠᠨ | ᠪᠠᠶᠢᠨ᠎ᠠ᠃ |