ᠪᠠᠷᠠᠭᠤᠨ ᠦᠵᠦᠮᠦᠴᠢᠨ ᠬᠤᠰᠢᠭᠤᠨ ᠤ ᠮᠤᠩᠭᠤᠯ ᠦᠨᠳᠦᠰᠦᠳᠡᠨ ᠤ ᠬᠤᠶᠠᠳᠤᠭᠠᠷ ᠪᠠᠭ᠎ᠠ ᠰᠤᠷᠭᠠᠭᠤᠯᠢ ᠰᠤᠸᠠᠮᠫᠠᠨ | ᠪᠤᠳᠤᠯᠭ᠎ᠠ ᠶᠢ ᠤᠨᠴᠠᠯᠢᠭᠳᠤ ᠬᠢᠴᠢᠶᠠᠯ ᠪᠤᠯᠭᠠᠨ ᠬᠦᠭᠵᠢᠬᠦᠯᠵᠤ ᠪᠤᠢ | | ᠬᠦᠮᠦᠰ ᠴᠡᠭᠡᠵᠢ ᠪᠠᠷ ᠬᠢᠷᠢ ᠬᠤᠷᠳᠤᠨ ᠪᠤᠳᠤᠵᠤ ᠴᠢᠳᠠᠳᠠᠭ ᠪᠤᠯ ︖ ᠡᠯᠧᠺᠲᠷᠤᠨ ᠪᠤᠳᠤᠭᠤᠷ ᠪᠤᠯᠤᠨ ᠬᠡᠦᠬᠡᠳ | ᠤᠨ ᠴᠡᠭᠡᠵᠢ ᠪᠤᠳᠤᠯᠭ᠎ᠠ ᠶᠢᠨ ᠴᠤᠬᠤᠮ ᠠᠯᠢ ᠨᠢ ᠬᠤᠷᠳᠤᠨ ᠪᠠᠶᠢᠳᠠᠭ ᠪᠤᠯ ︖ ᠦᠨᠦᠳᠦᠷ ᠪᠢᠳᠡ ᠰᠤᠸᠠᠮᠫᠠᠨ | ᠪᠤᠳᠤᠯᠭ᠎ᠠ ᠶᠢ ᠰᠤᠷᠭᠠᠭᠤᠯᠢ ᠶᠢᠨ ᠢᠶᠠᠨ ᠤᠨᠴᠠᠯᠢᠭᠳᠤ ᠬᠢᠴᠢᠶᠠᠯ ᠪᠤᠯᠭᠠᠨ ᠬᠦᠭᠵᠢᠬᠦᠯᠵᠤ ᠪᠠᠶᠢᠭ᠎ᠠ ᠪᠠᠷᠠᠭᠤᠨ ᠦᠵᠦᠮᠦᠴᠢᠨ | ᠬᠤᠰᠢᠭᠤᠨ ᠤ ᠮᠤᠩᠭᠤᠯ ᠦᠨᠳᠦᠰᠦᠳᠡᠨ ᠤ ᠬᠤᠶᠠᠳᠤᠭᠠᠷ ᠪᠠᠭ᠎ᠠ ᠰᠤᠷᠭᠠᠭᠤᠯᠢ ᠶᠢᠨ ᠰᠤᠸᠠᠮᠫᠠᠨ ᠪᠤᠳᠤᠯᠭ᠎ᠠ ᠶᠢᠨ | ᠤᠨᠴᠠᠯᠢᠭᠳᠤ ᠬᠢᠴᠢᠶᠠᠯ ᠪᠤᠯᠤᠨ ᠰᠡᠷᠭᠦᠯᠡᠩ ᠴᠤᠪᠤᠭᠤ ᠬᠡᠦᠬᠡᠳ ᠤᠨ ᠴᠡᠭᠡᠵᠢ ᠪᠤᠳᠤᠯᠭ᠎ᠠ ᠠᠴᠠ ᠤᠶᠢᠯᠠᠭᠠᠴᠠᠭᠠᠶᠠ ᠃ | ᠰᠤᠸᠠᠮᠫᠠᠨ ᠤ ᠤᠶᠤᠨᠳᠤ ᠡᠷᠢᠬᠡ ᠶᠢ ᠤᠢ ᠤᠬᠠᠭᠠᠨ ᠳᠠᠭᠠᠨ ᠠᠮᠢᠯᠠᠭᠤᠯᠵᠤ᠂ ᠰᠤᠸᠠᠮᠫᠠᠨ ᠢᠶᠠᠷ ᠲᠦᠷᠪᠡᠨ ᠤᠷᠤᠨᠳᠤ | ᠲᠤᠭᠠᠨ ᠤ ᠨᠡᠮᠡᠵᠤ ᠬᠠᠰᠤᠬᠤ ᠦᠢᠯᠡᠳᠦᠯ ᠢ ᠬᠡᠳᠦᠭᠡᠨ ᠮᠢᠨᠦ᠋ᠲ ᠲᠤ ᠪᠤᠳᠤᠵᠤ ᠭᠠᠷᠭᠠᠨ᠂ ᠪᠠᠭᠰᠢ ᠨᠢ ᠲᠤᠭ᠎ᠠ ᠶᠢ | ᠬᠡᠯᠡᠭᠡᠳ ᠪᠠᠷᠠᠬᠤ ᠳᠤ ᠳ᠋ᠦᠩ ᠢ ᠨᠢ ᠰᠢᠭᠤᠳ ᠯᠡ ᠪᠤᠳᠤᠭᠠᠳ ᠭᠠᠷᠭᠠᠴᠢᠬᠠᠳᠠᠭ ᠡᠳᠡᠭᠡᠷ ᠬᠦᠬᠡᠷᠦᠬᠦᠨ ᠴᠤᠪᠤᠭᠤ ᠬᠡᠦᠬᠡᠳ | ᠤᠳ ᠪᠤᠯ ᠬᠤᠰᠢᠭᠤᠨ ᠤ ᠮᠤᠩᠭᠤᠯ ᠦᠨᠳᠦᠰᠦᠳᠡᠨ ᠤ ᠬᠤᠶᠠᠳᠤᠭᠠᠷ ᠪᠠᠭ᠎ᠠ ᠰᠤᠷᠭᠠᠭᠤᠯᠢ ᠶᠢᠨ ᠵᠢᠷᠭᠤᠳᠤᠭᠠᠷ ᠤᠨ ᠤ | ᠰᠤᠷᠤᠭᠴᠢᠳ ᠪᠤᠯᠤᠨ᠎ᠠ᠃ ᠬᠤᠰᠢᠭᠤᠨ ᠤ ᠮᠤᠩᠭᠤᠯ ᠦᠨᠳᠦᠰᠦᠳᠡᠨ ᠤ ᠬᠤᠶᠠᠳᠤᠭᠠᠷ ᠪᠠᠭ᠎ᠠ ᠰᠤᠷᠭᠠᠭᠤᠯᠢ ᠨᠢ ᠨᠢᠭᠡ | ᠤᠷᠤᠨᠳᠤ ᠲᠤᠭᠠᠨ ᠤ ᠳᠠᠪᠤ ᠶᠢ ᠬᠦᠢᠴᠡᠬᠦᠯᠬᠦ ᠶᠤᠰᠤ᠂ ᠳᠠᠪᠤ ᠶᠢ ᠪᠠᠭᠤᠯᠭᠠᠵᠤ ᠳᠡᠪᠰᠢᠬᠦᠯᠬᠦ ᠶᠤᠰᠤ᠂ ᠬᠤᠶᠠᠷ ᠪᠤᠶᠤ ᠭᠤᠷᠪᠠ | ᠲᠦᠷᠪᠡᠨ ᠤᠷᠤᠨᠳᠤ ᠲᠤᠭᠠᠨ ᠤ ᠨᠡᠮᠡᠵᠤ ᠬᠠᠰᠤᠬᠤ ᠦᠢᠯᠡᠳᠦᠯ᠂ ︽ᠤᠷᠤᠨ ᠵᠢᠬᠡᠯᠡᠵᠦ 5 ᠶᠢ ᠬᠦᠢᠴᠡᠭᠡᠵᠦ ᠬᠠᠰᠤᠬᠤ | ᠦᠢᠯᠡᠳᠦᠯ᠂ ᠤᠷᠤᠨ ᠳᠡᠪᠰᠢᠬᠦᠯᠬᠦ ᠪᠤᠶᠤ ᠤᠷᠤᠨ ᠢ ᠵᠢᠭᠡᠯᠡᠬᠦ ᠳᠤ ᠬᠦᠷᠳᠡᠯ᠎ᠡ ᠰᠤᠸᠠᠮᠫᠠᠨ ᠴᠡᠭᠡᠵᠢ ᠪᠤᠳᠤᠯᠭ᠎ᠠ ᠶᠢᠨ | ᠬᠦᠮᠦᠵᠢᠯ ᠢ ᠨᠢᠬᠡ ᠠᠴᠠ ᠵᠢᠷᠭᠤᠳᠤᠭᠠᠷ ᠤᠨ ᠤ ᠰᠤᠷᠤᠭᠴᠢᠳ ᠲᠤ ᠬᠦᠷᠳᠡᠭᠡᠨ ᠂ ᠨᠤᠮ ᠦᠵᠡᠵᠤ ᠰᠤᠷᠤᠭᠴᠢᠳ | ᠰᠤᠸᠠᠮᠫᠠᠨ ᠢᠶᠠᠷ ᠪᠤᠳᠤᠬᠤ ᠪᠤᠶᠤ ᠪᠠᠭᠰᠢ ᠠᠴᠠ ᠲᠤᠭ᠎ᠠ ᠶᠢ ᠤᠩᠰᠢᠨ ᠰᠤᠷᠤᠭᠴᠢᠳ ᠴᠡᠭᠡᠵᠢ ᠪᠠᠷ ᠪᠤᠳᠤᠬᠤ ᠶᠢ | ᠪᠤᠯᠪᠠᠰᠤᠷᠠᠩᠭᠤᠢ ᠡᠵᠡᠮᠰᠢᠬᠦᠯᠵᠤ ᠪᠠᠶᠢᠯ᠎ᠠ᠃ ᠲᠣᠭᠠᠨ ᠤ ᠣᠬᠠᠭᠠᠨ ᠤ ᠰᠣᠷᠬᠤ ᠪᠢᠴᠢᠭ ᠲᠤ ᠨᠢᠬᠡ ᠬᠤᠶᠠᠳᠤᠭᠠᠷ ᠤᠨ ᠳᠤ | 100 ᠲᠤᠳᠤᠷᠠᠬᠢ ᠲᠤᠭᠠᠨ ᠤ ᠬᠤᠶᠠᠷ ᠭᠤᠷᠪᠠᠨᠠᠯᠬᠤᠮ ᠤᠨ ᠨᠠᠮᠡᠵᠤ ᠬᠠᠰᠤᠬᠤ ᠶᠢ ᠪᠤᠳᠤᠳᠠᠭ ᠪᠤᠯ ᠰᠤᠸᠠᠮᠫᠡᠨ | ᠪᠤᠳᠤᠯᠭ᠎ᠠ ᠨᠢ 1000 ᠲᠤᠳᠤᠷᠠᠬᠢ᠂ ᠴᠢᠨᠠᠭᠰᠢᠯᠠᠪᠠᠯ 10000 ᠲᠤᠳᠤᠷᠠᠬᠢ ᠲᠤᠭᠠᠨ ᠤ 1 ᠠᠴᠠ 5 ᠣᠷᠣᠨᠲᠦ | ᠲᠣᠭᠠᠨ ᠤ 3 ᠠᠴᠠ 10 ᠠᠯᠬᠤᠮ ᠤᠨ ᠰᠡᠳᠤᠪ ᠢ ᠪᠤᠳᠤᠵᠦ ᠴᠢᠳᠠᠳᠠᠭ ᠪᠠᠶᠢᠯ᠎ᠠ᠃ | ᠬᠤᠰᠢᠭᠤᠨ ᠤ ᠮᠤᠩᠭᠤᠯ ᠦᠳᠦᠰᠦᠳᠡᠨ ᠤ ᠬᠤᠶᠠᠳᠤᠭᠠᠷ ᠪᠠᠭ᠎ᠠ ᠰᠤᠷᠭᠠᠭᠤᠯᠢ ᠶᠢᠨ ᠲᠤᠭᠠᠨ ᠤ ᠪᠠᠭᠰᠢ | ᠲᠦᠮᠬᠠᠦ᠋ᠯᠵᠠᠢ᠄ ︽ᠵᠢᠭᠠᠨ ᠰᠤᠷᠭᠠᠯᠳᠠ ᠶᠢᠨ ᠲᠠᠯ᠎ᠠ ᠠᠴᠠ ᠶᠠᠷᠢᠬᠤ ᠳᠤ ᠰᠤᠷᠤᠭᠴᠢᠳ ᠲᠤᠭᠠᠨ ᠤ ᠨᠢᠭᠡ ᠣᠨ ᠤ | ᠬᠤᠭᠤᠴᠠᠭᠠᠨ ᠳᠤ 20 ᠳᠤᠳᠤᠷᠠᠬᠢ ᠲᠤᠭ᠎ᠠ ᠶᠢᠨ ᠨᠡᠮᠡᠵᠦ ᠬᠠᠰᠤᠬᠤ ᠦᠢᠯᠡᠳᠦᠯ ᠢ ᠰᠤᠷᠴᠦ᠂ ᠰᠤᠸᠠᠮᠫᠠᠨ ᠪᠤᠳᠣᠯᠭ᠎ᠠ ᠶᠢᠨ | ᠠᠷᠭ᠎ᠠ ᠶᠢ ᠭᠦᠢᠴᠡᠳ ᠡᠵᠡᠮᠰᠢᠭᠰᠡᠨ ᠰᠠᠭᠤᠷᠢᠨ ᠳᠡᠭᠡᠷ᠎ᠡ ᠬᠤᠶᠠᠷ ᠣᠨ ᠪᠣᠯᠬᠤ ᠳᠤ 10000 ᠳᠤᠳᠤᠷᠠᠬᠢ ᠲᠤᠭ᠎ᠠ ᠶᠢ | ᠪᠤᠳᠤᠵᠦ ᠳᠡᠶᠢᠯᠬᠦ ᠪᠤᠯᠤᠨ᠎ᠠ︾ ᠭᠡᠯᠡ | ᠬᠤᠰᠢᠭᠤᠨ ᠤ ᠮᠤᠩᠭᠤᠯ ᠦᠨᠳᠦᠰᠦᠲᠠᠨ ᠤ ᠬᠤᠶᠠᠳᠤᠭᠠᠷ ᠪᠠᠭ᠎ᠠ ᠰᠤᠷᠭᠠᠭᠤᠯᠢ ᠨᠢ 2014 ᠤᠨ ᠠᠴᠠ ᠡᠬᠢᠯᠠᠨ | ᠰᠤᠸᠠᠮᠫᠠᠨ ᠴᠡᠭᠡᠵᠢ ᠪᠤᠳᠤᠯᠭ᠎ᠠ ᠶᠢᠨ ᠬᠢᠴᠢᠶᠠᠯ ᠢ ᠰᠤᠷᠭᠠᠭᠤᠯᠢ ᠶᠢᠨ ᠢᠶᠠᠨ ᠬᠢᠴᠢᠶᠠᠯ ᠬᠦᠮᠦᠵᠢᠯ ᠤᠨ ᠨᠢᠭᠡᠨ ᠠᠭᠤᠯᠭ᠎ᠠ | ᠪᠤᠯᠭᠠᠵᠤ᠂ 1 —6 ᠤᠨ ᠤ ᠰᠤᠷᠤᠭᠴᠢᠳ ᠤᠨ ᠲᠤᠭᠠᠨ ᠤ ᠤᠬᠠᠭᠠᠨ ᠤ ᠬᠢᠴᠢᠶᠡᠯ ᠲᠠᠢ ᠤᠶᠠᠯᠳᠤᠭᠤᠯᠤᠨ ᠵᠢᠭᠠᠬᠤ | ᠠᠴᠠ ᠭᠠᠳᠠᠨ᠎ᠠ᠂ ᠰᠤᠷᠤᠭᠴᠢᠳ ᠤᠨ ᠤᠷᠮ᠎ᠠ ᠪᠠᠭ᠋ᠠᠳᠤ ᠠᠩᠬᠢ ᠶᠢᠨ ᠬᠢᠴᠢᠶᠠᠯ ᠨᠡᠭᠡᠭᠡᠵᠤ ᠂ ᠰᠤᠸᠠᠮᠫᠠᠨ ᠪᠤᠳᠤᠯᠭ᠎ᠠ ᠶᠢ | ᠰᠤᠷᠭᠠᠭᠤᠯᠢ ᠶᠢᠨ ᠪᠦᠬᠦ ᠪᠠᠭᠰᠢ ᠨᠠᠷ ᠲᠠᠭᠠᠨ ᠳᠡᠯᠭᠡᠷᠡᠬᠦᠯᠵᠤ᠂ ᠰᠤᠸᠠᠮᠫᠠᠨ ᠪᠤᠳᠤᠯᠭ᠎ᠠ ᠪᠠᠷ ᠳᠠᠮᠵᠢᠨ ᠰᠤᠷᠤᠭᠴᠢᠳ ᠤᠨ | ᠪᠤᠳᠤᠯᠭ᠎ᠠ ᠶᠢᠨ ᠴᠢᠳᠠᠪᠤᠷᠢ᠂ ᠴᠡᠭᠡᠵᠢᠯᠡᠬᠦ ᠴᠢᠳᠠᠪᠤᠷᠢ᠂ ᠰᠤᠨᠤᠰᠬᠤ ᠵᠢᠴᠢ ᠠᠵᠢᠭᠯᠠᠬᠤ ᠴᠢᠳᠠᠪᠤᠷᠢ᠂ ᠠᠩᠬᠠᠷᠬᠤ ᠴᠢᠳᠠᠪᠤᠷᠢ᠂ | ᠵᠡᠷᠭᠡ ᠤᠯᠠᠨ ᠲᠠᠯ᠎ᠠ ᠶᠢᠨ ᠴᠢᠳᠠᠪᠤᠷᠢ ᠶᠢ ᠬᠦᠮᠦᠵᠢᠬᠦᠯᠵᠦ ᠢᠷᠡᠭᠰᠡᠨ ᠠᠴᠠ ᠲᠤᠰ ᠰᠤᠷᠭᠠᠭᠤᠯᠢ ᠶᠢᠨ ᠲᠦᠯᠦᠭᠡᠯᠡᠭᠴᠢ ᠶᠢᠨ | ᠠᠩᠬᠢ ᠨᠢ ︽ᠪᠦᠬᠦ ᠤᠯᠤᠰ ᠤᠨ ᠰᠤᠸᠠᠮᠫᠠᠨ ᠴᠡᠭᠡᠵᠢ ᠪᠤᠳᠣᠯᠭ᠎ᠠ ᠶᠢᠨ ᠤᠷᠢᠯᠭ᠎ᠠ ᠶᠢᠨ ᠤᠷᠤᠯᠳᠤᠭᠠᠨ︾ ᠂ ︽ᠪᠦᠭᠦ | ᠤᠷᠤᠨ ᠤ ᠠᠷᠪᠠᠨ ᠨᠢᠭᠡᠳᠦᠭᠡᠷ ᠤᠳᠠᠭᠠᠨ ᠤ ᠰᠤᠸᠠᠮᠫᠠᠨ ᠪᠤᠳᠤᠯᠭ᠎ᠠ ᠶᠢᠨ ᠤᠷᠤᠯᠳᠤᠭᠠᠨ︾᠂ ︽ᠪᠦᠭᠦ ᠤᠷᠤᠨ ᠤ ᠠᠷᠪᠠᠨ | ᠬᠤᠶᠠᠳᠤᠭᠠᠷ ᠤᠳᠠᠭᠠᠨ ᠤ ᠰᠤᠸᠠᠮᠫᠠᠨ ᠪᠤᠳᠤᠯᠭ᠎ᠠ ᠶᠢᠨ ᠤᠷᠤᠯᠳᠤᠭᠠᠨ ︾ ᠵᠡᠷᠭᠡ ᠤᠯᠠᠨ ᠤᠳᠠᠭᠠᠨ ᠤ ᠤᠷᠤᠯᠳᠤᠭᠠᠨ ᠳᠤ | ᠰᠢᠯᠢ ᠶᠢᠨ ᠭᠤᠤᠯ ᠠᠶᠢᠮᠠᠭ ᠢᠶᠠᠨ ᠲᠦᠯᠦᠬᠡᠯᠡᠨ ᠤᠷᠤᠯᠴᠠᠵᠤ ᠰᠢᠯᠢᠳᠡᠭ ᠬᠢᠷᠢ ᠪᠦᠳᠦᠮᠵᠢ ᠤᠯᠤᠭᠰᠠᠨ ᠪᠦᠬᠡᠳ 2020 | ᠤᠨ ᠳᠤ ᠲᠤᠰ ᠰᠤᠷᠭᠠᠭᠤᠯᠢ ᠨᠢ ᠲᠤᠮᠳᠠᠳᠤ ᠤᠯᠤᠰ ᠤᠨ ᠰᠤᠸᠠᠮᠫᠠᠨ ᠪᠤᠳᠤᠯᠭ᠎ᠠ ᠶᠢᠨ ᠨᠡᠶᠢᠭᠡᠮᠯᠢᠭ ᠤᠨ ᠲᠤᠷᠰᠢᠯᠳᠠ ᠶᠢᠨ | ᠰᠤᠷᠭᠠᠭᠤᠯᠢ ᠪᠠᠷ ᠰᠤᠩᠭᠤᠭᠳᠠᠭᠰᠠᠨ ᠪᠠᠶᠢᠨ᠎ᠠ᠃ |