ᠡᠮᠡᠭᠲᠡᠶᠢᠴᠦᠳ ᠲᠠᠮᠠᠬᠢ ᠲᠠᠲᠠᠬᠤ ᠨᠢ ᠵᠢᠷᠦᠬᠡᠨ ᠡᠪᠡᠳᠴᠢᠨ ᠤ ᠲᠦᠭᠰᠢᠭᠦᠷᠢ ᠶᠢ  ᠨᠡᠩ ᠶᠡᠭᠡ ᠪᠣᠯᠭᠠᠨ᠎ᠠ
ᠨᠡᠶᠢᠲᠡᠯᠡᠭᠰᠡᠨ ᠴᠠᠭ᠄
2019-02-27
      ᠡᠮᠡᠭᠲᠡᠶᠢᠴᠦᠳ ᠲᠠᠮᠠᠬᠢ ᠲᠠᠲᠠᠬᠤ ᠨᠢ ᠵᠢᠷᠦᠬᠡᠨ ᠡᠪᠡᠳᠴᠢᠨ ᠤ ᠲᠦᠭᠰᠢᠭᠦᠷᠢ ᠶᠢ ᠨᠡᠩ ᠶᠡᠭᠡ ᠪᠣᠯᠭᠠᠨ᠎ᠠ          ᠠᠩᠭ᠍ᠯᠢ ᠶᠢᠨ ᠣᠺᠰᠹᠣᠷᠳ᠋ ᠶᠡᠭᠡ ᠰᠤᠷᠭᠠᠭᠤᠯᠢ ᠶᠢᠨ ᠵᠣᠷᠵ ᠪᠦᠬᠦ  ᠪᠦᠮᠪᠦᠷᠴᠡᠭ ᠤᠨ ᠡᠷᠡᠭᠦᠯ ᠮᠡᠨᠳᠦ ᠶᠢ ᠰᠤᠳᠤᠯᠬᠤ ᠵᠣᠬᠢᠶᠠᠨ ᠪᠠᠶᠢᠭᠤᠯᠤᠯᠲᠠ ᠶᠢᠨ ᠥᠷᠨᠢᠭᠦᠯᠦᠭᠰᠡᠨ ᠨᠢᠭᠡᠨ ᠤᠳᠠᠭᠠᠨ ᠤ ᠰᠢᠨ᠎ᠡ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠡᠷᠡᠭᠲᠡᠢ ᠬᠦᠮᠦᠨ ᠲᠠᠢ ᠬᠠᠷᠢᠴᠠᠭᠤᠯᠪᠠᠯ᠂  ᠲᠠᠮᠠᠬᠢ ᠲᠠᠲᠠᠬᠤ ᠨᠢ ᠡᠮᠡᠭᠲᠡᠶᠢᠴᠦᠳ ᠤᠨ  ᠵᠢᠷᠦᠬᠡᠨ  ᠡᠪᠡᠳᠴᠢᠨ ᠳᠤ ᠨᠡᠷᠪᠡᠭᠳᠡᠬᠦ ᠳᠦᠭᠰᠢᠬᠦᠷᠢ ᠶᠢ ᠤᠯᠠᠮ ᠶᠡᠭᠡ ᠪᠣᠯᠭᠠᠨ᠎ᠠ᠃                 ᠠᠶᠤᠯ  ᠲᠦᠭᠰᠢᠭᠦᠷᠢ ᠶᠢᠨ  ᠬᠦᠴᠦᠨ  ᠵᠦᠢᠯ  ᠎ ᠠᠴᠠ  ᠡᠷᠡᠭᠲᠡᠢ  ᠡᠮᠡᠭᠲᠡᠢ ᠶᠢᠨ ᠵᠢᠷᠦᠬᠡ  ᠴᠢᠰᠤᠨ  ᠰᠤᠳᠠᠯ ᠤᠨ ᠡᠪᠡᠳᠴᠢᠨ ᠳᠤ ᠦᠵᠡᠭᠦᠯᠬᠦ ᠨᠦᠯᠦᠭᠡ ᠶᠢᠨ ᠵᠦᠷᠢᠶ᠎ᠡ ᠶᠢ ᠰᠢᠨᠵᠢᠯᠡᠨ ᠰᠤᠳᠤᠯᠬᠤ ᠶᠢᠨ ᠲᠥᠯᠥᠭᠡ᠂ ᠰᠤᠳᠤᠯᠭᠠᠨ ᠤ ᠪᠦᠯᠬᠦᠮ ᠠᠴᠠ ᠨᠡᠶᠢᠲᠡ 47.2 ᠲᠦᠮᠡᠨ 40 ~ 69 ᠨᠠᠰᠤᠨ ᠤ ᠣᠷᠣᠯᠴᠠᠭᠴᠢ ᠶᠢ ᠡᠯᠰᠡᠵᠦ᠂ 7 ᠵᠢᠯ  ᠮᠦᠷᠳᠡᠨ  ᠰᠤᠳᠤᠯᠵᠤ᠂  ᠲᠠᠮᠠᠬᠢ ᠲᠠᠲᠠᠬᠤ᠂ ᠴᠢᠰᠤᠨ ᠳᠠᠷᠤᠯᠲᠠ ᠦᠨᠳᠦᠷ ᠡᠪᠡᠳᠴᠢᠨ ᠪᠠ ᠰᠢᠬᠢᠷ ᠰᠢᠵᠢᠩ ᠡᠪᠡᠳᠴᠢᠨ ᠨᠢ  ᠡᠮᠡᠭᠲᠡᠶᠢᠴᠦᠳ ᠲᠤ  ᠠᠪᠴᠢᠷᠠᠬᠤ ᠵᠢᠷᠦᠭᠡᠨ ᠡᠪᠡᠳᠴᠢᠨ ᠤ ᠲᠦᠭᠰᠢᠭᠦᠷᠢ ᠨᠢ ᠡᠷᠡᠭᠲᠡᠶᠢᠴᠦᠳ ᠠᠴᠠ ᠢᠯᠡᠳᠲᠡ ᠶᠡᠭᠡ ᠪᠠᠶᠢᠳᠠᠭ ᠢ ᠢᠯᠡᠷᠡᠭᠦᠯᠵᠡᠢ᠃  ᠪᠤᠳᠠᠲᠠᠢ ᠪᠠᠷ ᠬᠡᠯᠡᠪᠡᠯ᠂ ᠬᠡᠳᠦᠶᠢᠪᠡᠷ ᠲᠠᠮᠠᠬᠢ ᠲᠠᠲᠠᠬᠤ ᠡᠷᠡᠭᠲᠡᠢ ᠶᠢᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠨᠢ ᠲᠠᠮᠠᠬᠢ  ᠲᠠᠲᠠᠬᠤ  ᠦᠭᠡᠢ ᠡᠷᠡᠭᠲᠡᠢ ᠠᠴᠠ ᠬᠤᠶᠠᠷ ᠳᠠᠬᠢᠨ ᠢᠯᠡᠭᠦᠦ ᠪᠠᠶᠢᠬᠤ ᠳᠤ ᠲᠠᠮᠠᠬᠢ ᠲᠠᠲᠠᠬᠤ  ᠡᠮᠡᠭᠲᠡᠢ ᠶᠢᠨ  ᠵᠢᠷᠦᠬᠡᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠨᠢ ᠲᠠᠮᠠᠬᠢ ᠲᠠᠲᠠᠬᠤ ᠦᠭᠡᠢ ᠡᠮᠡᠭᠲᠡᠢ ᠶᠢᠨ 3 ᠳᠠᠬᠢᠨ ᠠᠴᠠ ᠳᠡᠭᠡᠭᠰᠢ ᠪᠠᠶᠢᠳᠠᠭ᠃ ᠡᠮᠡᠭᠲᠡᠢ ᠬᠦᠮᠦᠨ ᠴᠢᠰᠤᠨ ᠳᠠᠷᠤᠯᠲᠠ ᠦᠨᠳᠦᠷ ᠠᠴᠠ ᠪᠣᠯᠵᠤ᠂ ᠵᠢᠷᠦᠬᠡᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠨᠢ ᠡᠷᠡᠭᠲᠡᠶᠢᠴᠦᠳ ᠠᠴᠠ 83%᠎ ᠪᠠᠷ ᠶᠡᠭᠡ ᠪᠠᠶᠢᠳᠠᠭ︔ 1ᠬᠡᠯᠪᠡᠷᠢ ᠶᠢᠨ ᠪᠠ 2 ᠬᠡᠯᠪᠡᠷᠢ ᠶᠢᠨ ᠰᠢᠬᠢᠷ  ᠰᠢᠵᠢᠩ  ᠡᠪᠡᠳᠴᠢᠨ ᠤ  ᠡᠮᠡᠭᠲᠡᠶᠢᠴᠦᠳ ᠤᠨ  ᠵᠢᠷᠦᠬᠡᠨ ᠳᠤ ᠦᠵᠡᠭᠦᠯᠬᠦ ᠨᠦᠯᠦᠭᠡ ᠴᠦ ᠨᠡᠩ ᠶᠡᠭᠡ ᠪᠠᠶᠢᠳᠠᠭ᠃                 ᠲᠤᠰ ᠰᠤᠳᠤᠯᠭᠠᠨ ᠤ  ᠤᠳᠤᠷᠢᠳᠤᠭᠴᠢ᠂  ᠠᠩᠭ᠍ᠯᠢ ᠶᠢᠨ  ᠣᠺᠰᠹᠣᠷᠳ᠋  ᠶᠡᠭᠡ  ᠰᠤᠷᠭᠠᠭᠤᠯᠢ ᠶᠢᠨ  ᠵᠣᠷᠵ   ᠪᠦᠬᠦ ᠪᠦᠮᠪᠦᠷᠴᠡᠭ ᠤᠨ ᠡᠷᠡᠭᠦᠯ  ᠮᠡᠨᠳᠦ ᠶᠢ ᠰᠤᠳᠤᠯᠬᠤ  ᠭᠠᠵᠠᠷ ᠤᠨ ᠲᠠᠬᠤᠯ  ᠡᠪᠡᠳᠴᠢᠨ  ᠰᠤᠳᠤᠯᠤᠭᠴᠢ  ᠢᠯᠢᠽᠪᠧᠽ ·ᠮᠢᠯᠧᠲ ᠬᠡᠯᠡᠭᠰᠡᠨ ᠨᠢ᠄ ︽ᠶᠡᠷᠦᠩᠬᠡᠢ ᠳᠤ ᠪᠠᠨ᠂ ᠵᠢᠷᠦᠬᠡᠨ ᠪᠣᠯᠴᠢᠩ ᠪᠢᠲᠡᠭᠦᠷᠡᠨ ᠦᠬᠦᠵᠢᠬᠦ ᠡᠪᠡᠳᠴᠢᠨ ᠤ ᠪᠠᠶᠢᠳᠠᠯ ᠢᠯᠡᠷᠡᠬᠦ  ᠡᠷᠡᠭᠲᠡᠢ ᠡᠪᠡᠳᠴᠢᠲᠡᠨ  ᠎ ᠨᠢ  ᠡᠮᠡᠭᠲᠡᠢ  ᠡᠪᠡᠳᠴᠢᠲᠡᠨ ᠠᠴᠠ  ᠣᠯᠠᠨ  ᠪᠠᠶᠢᠳᠠᠭ᠃  ᠭᠡᠪᠡᠴᠦ᠂  ᠬᠡᠳᠦᠨ  ᠭᠤᠣᠯ  ᠪᠣᠯᠬᠤ  ᠠᠶᠤᠯᠲᠠᠢ ᠡᠯᠧᠮᠧᠨ᠋ᠲ ᠤᠨ ᠡᠮᠡᠭᠲᠡᠢ ᠬᠦᠮᠦᠨ ᠳᠤ ᠦᠵᠡᠭᠦᠯᠬᠦ ᠨᠦᠯᠦᠭᠡ ᠨᠢ ᠡᠷᠡᠭᠲᠡᠢ ᠬᠦᠮᠦᠨ ᠠᠴᠠ ᠶᠡᠭᠡ ᠶᠤᠮ︾ ᠭᠡᠵᠡᠢ᠃ ᠰᠤᠳᠤᠯᠭᠠᠨ ᠤ ᠪᠦᠯᠬᠦᠮ ᠵᠢᠭᠠᠵᠤ ᠭᠠᠷᠭᠠᠭᠰᠠᠨ ᠨᠢ᠂ ᠡᠮᠡᠭᠲᠡᠢ ᠶᠢᠨ ᠵᠢᠷᠦᠬᠡ ᠴᠢᠰᠤᠨ ᠰᠤᠳᠠᠯ ᠤᠨ  ᠡᠪᠡᠳᠴᠢᠨ ᠤ ᠲᠦᠭᠰᠢᠭᠦᠷᠢ ᠶᠢ ᠰᠢᠭᠰᠢᠨ ᠪᠠᠶᠢᠴᠠᠭᠠᠬᠤ ᠦᠶ᠎ᠡ ᠎ ᠳᠡᠭᠡᠨ ᠂ ᠨᠠᠰᠤ ᠠᠬᠢᠭᠰᠠᠨ᠂ ᠲᠠᠮᠠᠬᠢ ᠲᠠᠲᠠᠭᠰᠠᠨ᠂ ᠰᠢᠬᠢᠷ  ᠰᠢᠵᠢᠩ  ᠡᠪᠡᠳᠴᠢᠨ  ᠎ ᠲᠠᠢ  ᠪᠤᠶᠤ  ᠴᠢᠰᠤᠨ ᠳᠠᠷᠤᠯᠲᠠ ᠦᠨᠳᠦᠷ ᠡᠮᠡᠭᠲᠡᠢ ᠶᠢ ᠣᠨᠴᠠᠭᠠᠶᠢᠯᠠᠨ ᠠᠩᠬᠠᠷᠴᠠᠢ ᠭᠡᠪᠡ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号