ᠣᠰᠣ ᠣᠣᠭᠤᠬᠤ ᠲᠣᠬᠠᠢ ᠬᠡᠳᠦᠨ ᠰᠠᠨᠠᠭᠤᠯᠭ᠎ᠠ
ᠨᠡᠶᠢᠲᠡᠯᠡᠭᠰᠡᠨ ᠴᠠᠭ᠄
2019-02-27
             ᠣᠰᠣ ᠣᠣᠭᠤᠬᠤ ᠲᠣᠬᠠᠢ ᠬᠡᠳᠦᠨ ᠰᠠᠨᠠᠭᠤᠯᠭ᠎ᠠ     ᠨᠢᠭᠡ᠂ ᠲᠠᠪᠣᠰᠣᠳᠠᠢ ᠣᠰᠣ ᠠᠮᠠᠨ ᠤ ᠬᠦᠨᠳᠡᠢ ᠶᠢ ᠠᠷᠢᠭᠤᠳᠬᠠᠨ᠎ᠠ᠄ ᠥᠷᠯᠦᠭᠡ ᠪᠣᠰᠣᠭᠰᠠᠨ ᠤ ᠲᠠᠷᠠᠭ᠎ᠠ ᠪᠠᠭ᠎ᠠ ᠵᠡᠷᠭᠡ ᠲᠠᠪᠣᠰᠣᠳᠠᠢ ᠠᠭᠤᠰᠬᠠᠭᠰᠠᠨ ᠨᠢᠭᠡ ᠠᠶᠠᠭ᠎ᠠ ᠣᠰᠣ ᠣᠣᠭᠤᠪᠠᠯ ᠠᠮᠠᠨ ᠤ ᠬᠦᠨᠳᠡᠢ ᠶᠢᠨ ᠪᠠᠺᠲ᠋ᠧᠷᠢ ᠶᠢ ᠣᠰᠠᠳᠬᠠᠵᠦ᠂ ᠠᠮᠠᠨ ᠤ ᠬᠦᠨᠳᠡᠢ ᠶᠢᠨ ᠡᠷᠡᠭᠦᠯ ᠮᠡᠨᠳᠦ ᠳᠤ ᠲᠣᠰᠠᠲᠠᠢ ᠲᠡᠳᠦᠢ ᠦᠭᠡᠢ ᠭᠡᠳᠡᠰᠦᠨ ᠤ ᠬᠤᠤᠷ ᠢ ᠭᠠᠳᠠᠭᠰᠢᠯᠠᠭᠤᠯᠳᠠᠭ᠃ ᠬᠤᠭᠤᠯᠠᠢ ᠶᠢᠨ ᠡᠪᠡᠳᠦᠯᠳᠡ ᠶᠢ ᠲᠠᠷᠣᠨ᠎ᠠ᠃ ᠲᠠᠪᠣᠰᠣ ᠲᠠᠢ ᠣᠰᠣ ᠪᠠᠷ ᠠᠮᠨ ᠪᠠᠨ ᠵᠠᠶᠢᠯᠠᠬᠤ ᠨᠢ ᠬᠤᠭᠤᠯᠠᠢ ᠡᠪᠡᠳᠦᠯᠳᠡ ᠶᠢ ᠨᠠᠮᠳᠠᠭᠠᠬᠤ ᠰᠠᠶᠢᠨ ᠠᠷᠭ᠎ᠠ ᠪᠤᠯᠤᠨ᠎ᠠ᠃ ᠶᠠᠳᠠᠷᠠᠭ᠎ᠠ ᠲᠠᠶᠢᠯᠦᠨ᠎ᠠ᠄ ᠶᠠᠳᠠᠷᠠᠵᠦ ᠪᠠᠶᠢᠭ᠎ᠠ ᠦᠶ᠎ᠡ ᠳᠡᠭᠡᠨ ᠲᠠᠪᠤᠰᠤ ᠲᠠᠢ ᠣᠰᠣ ᠣᠣᠭᠤᠪᠠᠯ ᠶᠠᠳᠠᠷᠠᠭ᠎ᠠ ᠲᠠᠶᠢᠯᠠᠵᠦ ᠰᠡᠷᠭᠦᠭᠡᠳᠡᠭ ᠪᠠᠶᠢᠨ᠎ᠠ᠃ ᠡᠶᠢᠮᠦ ᠠᠴᠠ ᠲᠠᠪᠣᠰᠣᠲᠠᠢ ᠣᠰᠣᠨ ᠤ ᠪᠡᠶ᠎ᠡ ᠳᠤ ᠲᠣᠰᠠᠲᠠᠢ ᠠᠷᠭ᠎ᠠ ᠨᠤᠭᠤᠳ ᠮᠠᠰᠢ ᠦᠷ᠎ᠡ ᠳ᠋ᠦᠩ ᠲᠠᠢ ᠪᠠᠶᠢᠳᠠᠭ᠃    ᠬᠤᠶᠠᠷ᠂ ᠵᠦᠭᠡᠢ ᠶᠢᠨ ᠪᠠᠯ ᠲᠠᠢ ᠣᠰᠣ ᠨᠦᠢᠷᠠᠨ ᠳᠤ ᠰᠠᠶᠢᠨ᠄ ᠣᠨᠳᠠᠬᠤ ᠠᠴᠠ ᠪᠠᠨ ᠡᠮᠦᠨ᠎ᠡ ᠨᠢᠭᠡ ᠠᠶᠠᠭ᠎ᠠ ᠵᠦᠭᠡᠢ ᠶᠢᠨ ᠪᠠᠯ ᠲᠠᠢ ᠣᠰᠣ ᠣᠣᠭᠤᠪᠠᠯ ᠴᠢᠰᠣᠨ ᠲᠠᠷᠣᠯᠲᠠ ᠶᠢ ᠵᠤᠬᠢᠴᠠᠭᠤᠯᠵᠦ᠂ ᠴᠢᠰᠦᠨ ᠤ ᠲᠠᠷᠣᠯᠲᠠ ᠶᠢ ᠬᠡᠪ ᠤᠨ ᠲᠦᠪᠰᠢᠨ ᠳᠤ ᠪᠠᠶᠢᠯᠭᠠᠵᠦ᠂ ᠰᠡᠳᠬᠢᠯ ᠰᠠᠨᠠᠭ᠎ᠠ ᠶᠢ ᠲᠠᠶᠢᠪᠣᠷᠢᠰᠢᠭᠤᠯᠵᠦ᠂ ᠵᠢᠷᠦᠬᠡ ᠶᠢ ᠲᠡᠮᠵᠢᠳᠡᠭ᠃ ᠬᠤᠳᠣᠭᠤᠳᠦ ᠭᠡᠳᠡᠰᠦᠨ ᠳᠤ ᠲᠣᠰᠠᠳᠠᠢ᠄ ᠵᠦᠭᠡᠢ ᠶᠢᠨ ᠪᠠᠯ ᠲᠠᠢ ᠣᠰᠣ ᠣᠣᠭᠤᠪᠠᠯ ᠭᠡᠳᠡᠰᠦᠨ ᠳᠠᠬᠢ ᠠᠰᠢᠭᠳᠠᠢ ᠪᠠᠺᠲ᠋ᠧᠷᠢ ᠶᠢ ᠢᠳᠡᠪᠬᠢᠵᠢᠭᠦᠯᠵᠦ᠂ ᠦᠳᠭᠡᠨ ᠬᠠᠳᠠᠯᠲᠠ ᠠᠴᠠ ᠰᠡᠷᠭᠡᠶᠢᠯᠡᠨ᠎ᠡ᠃ ᠠᠷᠠᠰᠣᠨ ᠳᠤ ᠲᠣᠰᠠᠳᠠᠢ᠄ ᠵᠦᠭᠡᠢ ᠶᠢᠨ ᠪᠠᠯ ᠳᠤ ᠸᠢᠲ᠋ᠠᠮᠢᠨ ᠡᠯᠪᠡᠭ ᠠᠭᠤᠯᠳᠠᠭ ᠪᠤᠯᠬᠤᠷ ᠠᠷᠠᠰᠣᠨ ᠳᠤ ᠮᠠᠰᠢ ᠶᠡᠭᠡ ᠨᠦᠯᠦᠭᠡ ᠦᠵᠡᠭᠦᠯᠦᠨ᠎ᠡ᠃ ᠡᠳᠦᠷ ᠪᠦᠷᠢ ᠨᠢᠭᠡ ᠠᠶᠠᠭ᠎ᠠ ᠵᠦᠭᠡᠢ ᠶᠢᠨ ᠪᠠᠯ ᠲᠠᠢ ᠣᠰᠣ ᠣᠣᠭᠤᠪᠠᠯ ᠪᠡᠶ᠎ᠡ ᠳᠠᠬᠢ ᠬᠦᠴᠢᠯᠳᠦᠷᠦᠭᠴᠢ ᠶᠢᠨ ᠴᠢᠯᠦᠭᠡᠲᠦ ᠪᠦᠯᠦᠭ ᠢ ᠣᠰᠠᠳᠬᠠᠳᠠᠭ ᠲᠣᠯᠠ ᠠᠷᠠᠰᠣ ᠬᠢᠯᠠᠭᠠᠷ ᠰᠠᠶᠢᠬᠠᠨ ᠪᠣᠯᠳᠠᠭ ᠪᠠᠶᠢᠨ᠎ᠠ᠃     ᠭᠤᠷᠪᠠ᠂ ᠭᠠᠰᠢᠭᠤᠨ ᠬᠡᠮᠬᠡ ᠲᠠᠢ ᠣᠰᠣ ᠸᠢᠲ᠋ᠠᠮᠢᠨ ᠨᠦᠬᠦᠨ᠎ᠡ᠄ ᠭᠠᠰᠢᠭᠤᠨ ᠬᠡᠮᠬᠡ ᠮᠥᠨ ᠸᠢᠲ᠋ᠠᠮᠢᠨ ᠶᠡᠭᠡ ᠠᠭᠤᠯᠳᠠᠭ᠂ ᠵᠢᠯ ᠤᠨ ᠲᠦᠷᠪᠡᠨ ᠣᠯᠠᠷᠢᠯ ᠳᠤ ᠭᠠᠰᠢᠭᠤᠨ ᠬᠡᠮᠬᠡ ᠲᠠᠢ ᠣᠰᠣ ᠣᠣᠭᠤᠬᠤ ᠳᠤ ᠲᠣᠬᠢᠷᠠᠮᠵᠢᠲᠠᠢ᠂ ᠭᠠᠰᠢᠭᠤᠨ ᠬᠡᠮᠬᠡ ᠨᠢ ᠬᠤᠤᠷ ᠢ ᠮᠠᠰᠢ ᠰᠠᠶᠢᠨ ᠭᠠᠳᠠᠭᠰᠢᠯᠠᠭᠤᠯᠳᠠᠭ᠃ ︽ᠭᠤᠷᠪᠠᠨ ᠦᠨᠳᠦᠷ︾᠎ ᠢ ᠪᠠᠭᠤᠷᠠᠭᠤᠯᠣᠨ᠎ᠠ  ᠄ ᠭᠠᠰᠢᠭᠤᠨ ᠬᠡᠮᠬᠡ ᠶᠢ ᠣᠰᠣᠨ ᠳᠤ ᠲᠡᠪᠳᠦᠭᠡᠵᠦ ᠣᠣᠭᠤᠪᠠᠯ ᠴᠢᠰᠣᠨ ᠲᠠᠷᠣᠯᠲᠠ ᠦᠨᠳᠦᠷ᠂ ᠴᠢᠰᠦᠨ ᠳᠠᠬᠢ ᠰᠢᠬᠢᠷ ᠦᠨᠳᠦᠷ᠂ ᠴᠢᠰᠦᠨ ᠤ ᠦᠩᠭᠡᠬᠦ ᠦᠨᠳᠦᠷ ᠬᠡᠰᠡᠨ ︽ᠭᠤᠷᠪᠠᠨ ᠦᠨᠳᠦᠷ︾᠎ ᠢ ᠪᠠᠭᠤᠷᠠᠭᠤᠯᠬᠤ ᠳᠤ ᠮᠠᠰᠢ ᠰᠠᠶᠢᠨ ᠨᠦᠯᠦᠭᠡ ᠦᠵᠡᠭᠦᠯᠦᠨ᠎ᠡ᠃ ᠭᠠᠰᠢᠭᠤᠨ ᠬᠡᠮᠭᠡ ᠨᠢ ᠴᠢᠰᠦᠨ ᠳᠠᠬᠢ ᠦᠭᠡᠬᠦ᠂ ᠰᠢᠬᠢᠷ ᠢ ᠪᠠᠭᠤᠷᠠᠭᠤᠯᠵᠦ᠂ ᠴᠢᠰᠦᠨ ᠤ ᠡᠷᠬᠢᠯᠲᠡ ᠶᠢ ᠰᠠᠶᠢᠵᠢᠷᠠᠭᠤᠯᠣᠨ᠎ᠠ᠃ ᠠᠷᠠᠰᠣᠨ ᠳᠤ ᠲᠣᠰᠠᠳᠠᠢ᠄ ᠬᠢᠳᠠᠳ ᠠᠨᠠᠭᠠᠬᠤ ᠣᠬᠠᠭᠠᠨ ᠳᠤ ᠭᠠᠰᠢᠭᠤᠨ ᠬᠡᠮᠬᠡ ᠨᠢ ᠬᠦᠢᠳᠡᠨ ᠴᠢᠨᠠᠷᠲᠠᠢ᠂ ᠭᠠᠰᠢᠭᠤᠨ ᠠᠮᠳᠠᠳᠠᠢ᠂ ᠵᠢᠷᠦᠬᠡ ᠠᠭᠤᠰᠬᠢ ᠬᠤᠳᠣᠭᠤᠳᠣᠨ ᠤ ᠬᠠᠯᠠᠭᠤᠨ ᠢ ᠬᠦᠭᠡᠭᠡᠵᠦ᠂ ᠠᠮᠠᠨ ᠤ ᠴᠠᠩᠭᠠᠭ᠎ᠠ ᠲᠠᠶᠢᠯᠬᠤ ᠦᠢᠯᠡᠴᠢᠯᠡᠭᠡ ᠲᠠᠢ᠂ ᠮᠥᠨ ᠠᠷᠠᠰᠣᠨ ᠳᠤ ᠠᠷᠠᠰᠣᠨ ᠳᠤ ᠰᠠᠶᠢᠨ ᠢᠶᠠᠷ ᠨᠦᠯᠦᠭᠡᠯᠡᠳᠡᠭ᠃ᠰᠢᠨ᠎ᠡ ᠬᠠᠭᠤᠴᠢᠨ ᠤ ᠰᠣᠯᠢᠯᠴᠠᠭ᠎ᠠ ᠶᠢ ᠰᠠᠶᠢᠵᠢᠷᠠᠭᠤᠯᠳᠠᠭ ᠭᠡᠵᠦ ᠦᠵᠡᠳᠡᠭ ᠪᠤᠯᠤᠨ᠎ᠠ  ᠃ ᠭᠡᠰᠡᠨ ᠲᠡᠳᠦᠢ ᠴᠦ ᠬᠡᠲᠦ ᠶᠡᠭᠡ ᠪᠠᠷ ᠣᠣᠭᠤᠵᠦ ᠪᠤᠯᠬᠤ ᠦᠭᠡᠢ᠃     ᠲᠦᠷᠪᠡ᠂ ᠨᠢᠮᠪᠡᠭᠡ ᠲᠠᠢ ᠣᠰᠣ ᠠᠷᠠᠰᠣ ᠶᠢ ᠴᠠᠶᠢᠷᠠᠭᠤᠯᠣᠨ᠎ᠠ᠄ ᠨᠢᠮᠪᠡᠭᠡᠨ ᠳᠤ ᠸᠢᠲ᠋ᠠᠮᠢᠨ ᠶᠡᠭᠡ ᠠᠭᠤᠯᠣᠭᠳᠠᠳᠠᠭ᠃ ᠠᠷᠠᠰᠤᠨ ᠤ ᠦᠩᠭᠡᠨ ᠡᠳ᠋ ᠬᠤᠷᠠᠮᠳᠣᠬᠤ ᠠᠴᠠ ᠰᠡᠷᠭᠡᠶᠢᠯᠡᠵᠦ᠂ ᠠᠷᠠᠰᠣ ᠶᠢ ᠴᠠᠶᠢᠷᠠᠭᠤᠯᠳᠠᠭ ᠪᠠᠶᠢᠨ᠎ᠠ᠃ ᠴᠢᠰᠣᠨ ᠲᠠᠷᠣᠯᠲᠠ ᠶᠡᠭᠡᠰᠬᠦ ᠠᠴᠠ ᠰᠡᠷᠭᠡᠶᠢᠯᠡᠨ᠎ᠡ᠄ ᠨᠢᠮᠪᠡᠭᠡ ᠲᠠᠢ ᠣᠰᠣ ᠨᠢ ᠴᠢᠰᠣᠨ ᠲᠠᠷᠣᠯᠲᠠ ᠶᠡᠬᠡᠰᠬᠦ ᠪᠤᠯᠤᠨ ᠵᠢᠷᠦᠬᠡᠨ ᠪᠣᠯᠴᠢᠩ ᠪᠢᠲᠡᠭᠦᠷᠡᠨ ᠦᠬᠦᠵᠢᠬᠦ ᠠᠴᠠ ᠰᠡᠷᠭᠡᠶᠢᠯᠡᠳᠡᠭ᠃ ᠰᠠᠨᠠᠭᠤᠯᠭ᠎ᠠ᠄ ᠨᠢᠮᠪᠡᠭᠡ ᠲᠠᠢ ᠣᠰᠣ ᠶᠢ ᠬᠡᠲᠦ ᠦᠳᠭᠡᠨ ᠣᠣᠭᠤᠵᠦ ᠪᠣᠯᠬᠤ ᠦᠭᠡᠢ᠂ ᠨᠢᠮᠪᠡᠭᠡ ᠶᠢ ᠬᠠᠯᠢᠰᠦ ᠲᠠᠢ ᠨᠢ ᠣᠰᠣᠨ ᠳᠠᠭᠠᠨ ᠬᠢᠬᠦ ᠬᠡᠷᠡᠭᠳᠡᠢ᠃ ᠨᠢᠮᠪᠡᠭᠡ ᠶᠢᠨ ᠬᠠᠯᠢᠰᠦᠨ ᠳᠤ ᠣᠯᠠᠨ ᠰᠢᠷ᠎ᠠ ᠭᠧᠲ᠋ᠣᠨ ᠠᠭᠤᠯᠣᠭᠳᠠᠳᠠᠭ ᠪᠣᠯᠣᠨ᠎ᠠ᠂ ᠮᠥᠨ ᠨᠢᠮᠭᠡᠨ ᠬᠡᠷᠴᠢᠬᠦ ᠬᠡᠷᠡᠭᠳᠡᠢ ᠂ ᠨᠢᠮᠭᠡᠨ ᠬᠡᠷᠴᠢᠭᠰᠡᠨ ᠢᠶᠠᠷ ᠨᠢᠮᠪᠡᠭᠡᠨ ᠤ ᠬᠠᠯᠢᠰᠦᠨ ᠳᠠᠬᠢ ᠠᠩᠬᠢᠯᠦᠮ᠎ᠠ ᠦᠨᠦᠷ ᠨᠢ ᠰᠡᠩᠬᠢᠨᠡᠵᠦ᠂ ᠠᠮᠲᠠ ᠣᠷᠣᠬᠤ ᠪᠤᠶᠤ ᠠᠭᠤᠰᠬᠤ ᠴᠠᠭ ᠢ ᠴᠦ ᠪᠤᠭᠤᠨᠢᠰᠬᠠᠨ᠎ᠠ᠂ ᠨᠢᠮᠪᠡᠭᠡ ᠲᠠᠢ ᠣᠰᠣᠨ ᠳᠤ ᠵᠦᠭᠡᠢ ᠶᠢᠨ ᠪᠠᠯ ᠪᠤᠶᠤ ᠰᠠᠬᠠᠷᠠ ᠶᠡᠭᠡ ᠬᠡᠮᠵᠢᠶ᠎ᠡ ᠪᠠᠷ ᠬᠢᠵᠦ ᠣᠣᠭᠤᠪᠠᠯ ᠵᠢᠩ ᠨᠡᠮᠡᠬᠦ ᠪᠣᠯᠣᠮᠵᠢ ᠲᠠᠢ᠃  
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号