ᠪᠠᠷᠠᠭᠤᠨ ᠦᠵᠦᠮᠦᠴᠢᠨ ᠬᠤᠰᠢᠭᠤᠨ ᠤ ︽ᠤᠷᠳᠣ ᠶᠢᠨ ᠲᠠᠭᠤᠤ ᠪᠠᠷ ᠤᠮᠠᠷᠠᠳᠣ ᠬᠢᠯᠢ ᠪᠠᠨ ᠲᠠᠭᠤᠯᠠᠵᠦ᠂ ᠤᠳᠣᠮᠳᠣ ᠰᠣᠶᠤᠯ ᠢᠶᠠᠨ ᠤᠯᠠᠮᠵᠢᠯᠠᠨ ᠦᠪᠯᠡᠶ᠎ᠠ︾ ᠭᠡᠬᠦ ᠤᠷᠳᠣ ᠶᠢᠨ ᠲᠠᠭᠤᠤ ᠪᠠ ᠤᠷᠳᠣ ᠶᠢᠨ ᠲᠠᠭᠤᠤ ᠶᠢ ᠬᠠᠪᠰᠣᠷᠣᠨ ᠭᠦᠭᠵᠢᠮᠳᠡᠬᠦ ᠪᠤᠯᠪᠠᠰᠣᠷᠠᠯ ᠠᠮᠵᠢᠯᠳᠠᠳᠠᠢ ᠶᠠᠪᠤᠭᠳᠠᠪᠠ
ᠨᠡᠶᠢᠲᠡᠯᠡᠭᠰᠡᠨ ᠴᠠᠭ᠄
2025/6/3
    5 ᠰᠠᠷ᠎ᠡ ᠶᠢᠨ 24 ᠠᠴᠠ 28 ᠤ ᠡᠳᠦᠷ ᠪᠤᠯᠳᠠᠯ᠎ᠠ᠂ ᠪᠠᠷᠠᠭᠤᠨ ᠦᠵᠦᠮᠦᠴᠢᠨ ᠬᠤᠰᠢᠭᠤᠨ ᠤ ︽ᠤᠷᠳᠣ ᠶᠢᠨ ᠲᠠᠭᠤᠤ ᠪᠠᠷ ᠤᠮᠠᠷᠠᠳᠣ ᠬᠢᠯᠢ ᠪᠠᠨ ᠲᠠᠭᠤᠯᠠᠵᠦ᠂ ᠤᠳᠣᠮᠳᠣ ᠰᠣᠶᠤᠯ  ᠢᠶᠠᠨ ᠤᠯᠠᠮᠵᠢᠯᠠᠨ ᠦᠪᠯᠡᠶ᠎ᠠ︾ ᠭᠡᠬᠦ ᠤᠷᠳᠣ ᠶᠢᠨ ᠲᠠᠭᠤᠤ ᠪᠠ ᠤᠷᠳᠣ ᠶᠢᠨ ᠲᠠᠭᠤᠤ ᠶᠢ ᠬᠠᠪᠰᠣᠷᠣᠨ ᠭᠦᠭᠵᠢᠮᠳᠡᠬᠦ ᠪᠤᠯᠪᠠᠰᠣᠷᠠᠯ ᠠᠮᠵᠢᠯᠳᠠᠳᠠᠢ ᠶᠠᠪᠤᠭᠳᠠᠵᠤ ᠦᠩᠬᠡᠷᠡᠯ᠎ᠠ᠃    ᠲᠤᠰ ᠤᠳᠠᠭᠠᠨ ᠤ ᠪᠤᠯᠪᠠᠰᠣᠷᠠᠯ ᠨᠢ ᠰᠢ ᠶᠢᠨ ᠫᠢᠩ ᠶᠠᠷᠤᠩᠬᠡᠢ ᠱᠦᠵᠢ ᠶᠢᠨ ᠪᠤᠳᠠᠰ ᠤᠨ ᠪᠤᠰᠣ ᠰᠣᠶᠤᠯ ᠤᠨ ᠥᠪ ᠢ ᠤᠯᠠᠮᠵᠢᠯᠠᠨ ᠭᠦᠭᠵᠢᠬᠦᠯᠬᠦ ᠠᠵᠢᠯ ᠤᠨ ᠲᠤᠬᠠᠢ ᠴᠢᠬᠤᠯᠠ ᠵᠢᠭᠠᠪᠤᠷᠢ ᠶᠢ ᠨᠠᠶᠢᠳᠠᠪᠤᠷᠢᠵᠢᠭᠤᠯᠤᠨ᠂ ᠪᠤᠳᠠᠰ ᠤᠨ ᠪᠤᠰᠣ ᠰᠣᠶᠤᠯ ᠤᠨ ᠥᠪ ᠢ ᠬᠠᠮᠠᠭᠠᠯᠠᠨ ᠤᠯᠠᠮᠵᠢᠯᠠᠬᠤ ᠠᠵᠢᠯ ᠢ ᠢᠳᠠᠪᠬᠢᠳᠠᠢ ᠠᠬᠢᠭᠤᠯᠵᠦ᠂ ᠲᠤᠮᠳᠠᠳᠣ ᠶᠢᠨ ᠦᠨᠳᠣᠰᠣᠳᠠᠨ ᠤ ᠰᠢᠯᠢᠳᠡᠭ ᠤᠯᠠᠮᠵᠢᠯᠠᠯᠳᠣ ᠰᠣᠶᠤᠯ ᠪᠠ ᠤᠮᠠᠷᠠᠳᠣ ᠬᠢᠯᠢ ᠶᠢᠨ ᠰᠣᠶᠤᠯ ᠢ ᠪᠠᠳᠠᠷᠠᠭᠤᠯᠤᠨ ᠭᠦᠭᠵᠢᠬᠦᠯᠬᠦ ᠶᠢᠨ ᠲᠤᠰᠠᠳᠠ ᠪᠠᠷᠠᠭᠤᠨ ᠦᠵᠦᠮᠦᠴᠢᠨ ᠬᠤᠰᠢᠭᠤᠨ ᠤ ᠰᠣᠶᠤᠯ ᠵᠢᠭᠤᠯᠴᠢᠯᠠᠯ ᠤᠨ ᠠᠵᠦ ᠦᠢᠯᠠᠰ ᠢ ᠭᠦᠭᠵᠢᠬᠦᠯᠬᠦ ᠲᠥᠪ᠂ ᠪᠠᠷᠠᠭᠤᠨ ᠦᠵᠦᠮᠦᠴᠢᠨ ᠬᠤᠰᠢᠭᠤᠨ ᠤ ᠰᠣᠶᠤᠯ ᠤᠨ ᠤᠷᠳᠣᠨ ᠪᠤᠯᠤᠨ ᠪᠠᠷᠠᠭᠤᠨ ᠦᠵᠦᠮᠦᠴᠢᠨ ᠬᠤᠰᠢᠭᠤᠨ ᠤ ᠤᠷᠳᠣ ᠶᠢᠨ ᠲᠠᠭᠤᠤ ᠶᠢᠨ ᠨᠠᠶᠢᠬᠡᠮᠯᠢᠭ ᠠᠴᠠ ᠭᠤᠤᠯᠯᠠᠨ ᠡᠷᠬᠢᠯᠠᠵᠡᠢ᠃     ᠪᠤᠯᠪᠠᠰᠣᠷᠠᠯ ᠨᠢ ᠦᠪᠤᠷ ᠮᠤᠩᠭᠤᠯ ᠤᠨ ᠲᠠᠭᠤᠤ ᠪᠦᠵᠢᠭ ᠵᠦᠴᠦᠬᠡ ᠶᠢᠨ ᠭᠦᠷᠢᠶᠠᠯᠠᠩ ᠤᠨ ᠵᠠᠯᠠᠭᠤ ᠤᠷᠳᠣ ᠶᠢᠨ ᠲᠠᠭᠤᠴᠢᠨ᠂ ᠤᠷᠳᠣ ᠶᠢᠨ ᠲᠠᠭᠤᠨ ᠤ ᠦᠪᠯᠠᠨ ᠤᠯᠠᠮᠵᠢᠯᠠᠭᠴᠢ ᠡᠷᠳᠠᠨᠢᠰᠦ᠋ᠬᠡ᠂ ᠦᠪᠤᠷ ᠮᠤᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠤᠷᠳᠣ ᠶᠢᠨ ᠲᠠᠭᠤᠨ ᠤ ᠮᠠᠷᠬᠡᠵᠢᠯ ᠤᠨ ᠮᠠᠰᠲ᠋ᠧᠷ ᠬᠢᠯᠪᠠᠭ᠎ᠠ ᠪᠤᠯᠤᠨ ᠪᠠᠷᠠᠭᠤᠨ ᠦᠵᠦᠮᠦᠴᠢᠨ ᠬᠤᠰᠢᠭᠤᠨ ᠤ ᠮᠤᠷᠢᠨ ᠬᠤᠭᠤᠷᠴᠢ᠂ ᠭᠦᠭᠵᠢᠮ ᠤᠨ ᠵᠤᠬᠢᠶᠠᠯᠴᠢ ᠤᠯᠠᠭᠠᠨᠪᠠᠭᠠᠳᠣᠷ᠂ ᠤᠯᠤᠰ ᠤᠨ ᠬᠤᠶᠠᠳᠣᠭᠠᠷ ᠲᠠᠰ ᠤᠨ ᠲᠣᠭᠯᠠᠭᠴᠢ ᠰᠠᠴᠡᠨᠳᠣ᠂ ᠤᠯᠤᠰ ᠤᠨ ᠬᠤᠶᠠᠳᠣᠭᠠᠷ ᠲᠠᠰ ᠤᠨ ᠲᠣᠭᠯᠠᠭᠴᠢ ᠪᠠᠳᠣᠵᠢᠷᠭᠠᠯ ᠵᠡᠷᠬᠡ ᠪᠠᠭᠰᠢ ᠨᠠᠷ ᠢ ᠤᠷᠢᠵᠦ᠂ ᠤᠷᠳᠣ ᠶᠢᠨ ᠲᠠᠭᠤᠤ ᠲᠠᠭᠤᠯᠠᠬᠤ ᠮᠠᠷᠬᠡᠵᠢᠯ᠂ ᠮᠤᠷᠢᠨ ᠬᠤᠭᠤᠷ ᠬᠤᠭᠤᠷᠳᠠᠬᠤ᠂ ᠤᠷᠳᠣ ᠶᠢᠨ ᠲᠠᠭᠤᠤ ᠶᠢ ᠬᠠᠪᠰᠣᠷᠣᠨ ᠭᠦᠭᠵᠢᠮᠳᠡᠬᠦ ᠵᠡᠷᠬᠡ ᠲᠠᠯ᠎ᠠ ᠪᠠᠷ ᠲᠤᠰᠬᠠᠢ ᠮᠠᠷᠬᠡᠵᠢᠯ ᠤᠨ ᠵᠢᠯᠤᠭᠤᠳᠣᠯᠭ᠎ᠠ ᠬᠢᠯᠬᠡᠵᠦ᠂ ᠪᠦᠬᠦ ᠬᠤᠰᠢᠭᠤᠨ ᠤ ᠤᠷᠳᠣ ᠶᠢᠨ ᠲᠠᠭᠤᠤ ᠪᠠ ᠮᠤᠷᠢᠨ ᠬᠤᠭᠤᠷ ᠲᠤ ᠪᠠᠭ᠋ᠠᠳᠠᠢ 40 ᠭᠠᠷᠤᠢ ᠬᠦᠮᠦᠨ ᠪᠤᠯᠪᠠᠰᠣᠷᠠᠯ ᠳᠤ ᠤᠷᠤᠯᠴᠠᠵᠡᠢ᠃     ᠪᠤᠯᠪᠠᠰᠣᠷᠠᠯ ᠤᠨ ᠲᠠᠷᠠᠭ᠎ᠠ ᠬᠠᠷᠢᠭᠤ ᠮᠠᠳᠠᠬᠦᠯᠤᠯᠳᠠ ᠶᠢᠨ ᠲᠤᠭᠯᠠᠯᠳᠠ ᠶᠠᠪᠤᠭᠳᠠᠨ᠂ ︽ᠠᠬᠢ ᠶᠢᠨ ᠴᠠᠩᠬᠡᠷ︾ ︽ᠴᠢᠪᠠᠭᠠᠨ ᠤᠯᠠᠭᠠᠨ ᠮᠣᠷᠢ︾ ︽ᠲᠠᠯᠤᠳᠣ ᠶᠢᠨ ᠰᠢᠯᠢ︾ ︽ᠴᠠᠭᠠᠨ ᠲᠤᠬᠤᠢ ᠨᠤᠳᠤᠭ︾ ᠵᠡᠷᠬᠡ ᠪᠠᠶᠠᠯᠢᠭ ᠠᠭᠤᠯᠭ᠎ᠠ ᠲᠠᠢ ᠲᠤᠭᠯᠠᠯᠳᠠ ᠪᠠᠷ ᠰᠣᠷᠣᠯᠴᠠᠭᠰᠠᠨ ᠤᠷ᠎ᠠ ᠮᠠᠷᠬᠡᠵᠢᠯ᠂ ᠦᠷ᠎ᠡ ᠪᠦᠳᠦᠮᠵᠢ ᠪᠠᠨ ᠬᠠᠷᠢᠯᠴᠠᠨ ᠰᠣᠯᠢᠯᠴᠠᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号