ᠠᠷᠪᠠᠨ ᠭᠠᠵᠠᠷ ᠤᠨ ᠴᠠᠭᠠᠨ ᠬᠢᠵᠠᠭᠠᠯᠠᠩ ᠦᠷᠢᠶᠡᠨ ᠤ ᠤᠷᠤᠯᠳᠤᠭᠠᠨ ᠶᠠᠪᠤᠭᠳᠠᠪᠠ
ᠨᠡᠶᠢᠲᠡᠯᠡᠭᠰᠡᠨ ᠴᠠᠭ᠄
2025/6/23
     6 ᠰᠠᠷ᠎ᠠ ᠶᠢᠨ 22 ᠤᠨ ᠡᠳᠦᠷ᠂ ᠰᠢᠯᠢ ᠶᠢᠨ ᠭᠤᠤᠯ ᠤᠨ 2025 ᠤᠨ ᠤ ᠵᠤᠨ ᠤ ᠤᠯᠠᠷᠢᠯ ᠤᠨ ᠮᠤᠩᠭᠤᠯ ᠮᠤᠷᠢᠨ ᠤ ᠬᠤᠯᠪᠤᠭᠠᠳᠤ ᠤᠷᠤᠯᠳᠤᠭᠠᠨ ᠤ ᠪᠠᠷᠠᠭᠤᠨ ᠦᠵᠦᠮᠦᠴᠢᠨ ᠬᠤᠰᠢᠭᠤᠨ ᠤ ᠰᠢᠢᠳᠪᠦᠷᠢᠲᠦ ᠤᠷᠤᠯᠳᠤᠭᠠᠨ ᠵᠢᠴᠢ ᠴᠠᠭᠠᠨ ᠠᠳᠤᠭᠤᠨ ᠤ ᠨᠠᠭᠠᠳᠤᠮ ᠤᠨ ᠨᠢᠭᠡᠨ ᠲᠦᠷᠦᠯ  ᠪᠤᠯᠬᠤ  ᠠᠷᠪᠠᠨ ᠭᠠᠵᠠᠷ ᠤᠨ ᠴᠠᠭᠠᠨ ᠬᠢᠵᠠᠭᠠᠯᠠᠩ ᠦᠷᠢᠶᠡᠨ ᠤ ᠤᠷᠤᠯᠳᠤᠭᠠᠨ ᠴᠭᠠᠨ ᠠᠳᠤᠭᠤᠨ ᠤ ᠬᠦᠷᠢᠶᠡᠯᠡᠩ ᠳᠤ  ᠶᠠᠪᠤᠭᠳᠠᠪᠠ᠃     ᠲᠤᠰ ᠤᠳᠠᠭᠠᠨ ᠤ  ᠤᠷᠤᠯᠳᠤᠭᠠᠨ ᠳᠤ ᠵᠡᠭᠦᠨ ᠦᠵᠦᠮᠦᠴᠢᠨ ᠬᠤᠰᠢᠭᠤ ᠵᠡᠷᠭᠡ ᠭᠠᠵᠠᠷ ᠤᠨ 20 ᠭᠠᠷᠤᠢ ᠮᠤᠷᠢᠳ ᠤᠷᠤᠯᠴᠠᠨ᠂ ᠬᠤᠷᠳᠤ ᠰᠤᠷᠢᠭᠰᠠᠨ ᠰᠢᠨᠳᠠᠰᠤᠳᠤ ᠬᠦᠯᠦᠭ ᠤᠳ ᠨᠢ ᠤᠨᠤᠭᠰᠠᠨ ᠬᠡᠦᠬᠡᠳ ᠤᠶᠠᠭᠠᠴᠢ  ᠡᠵᠡᠳ ᠢᠶᠠᠨ ᠪᠠᠶᠠᠰᠬᠠᠵᠤ᠂ ᠬᠤᠷᠠᠭᠰᠠᠨ ᠤᠯᠠᠨ ᠤ ᠬᠡᠶᠢᠮᠦᠷᠢ ᠶᠢ ᠰᠡᠷᠭᠦᠭᠡᠪᠡ᠃     ᠬᠤᠷᠴᠠ ᠰᠢᠷᠦᠭᠦᠨ ᠮᠥᠷᠥᠶᠢᠴᠡᠭᠡᠨ ᠢᠶᠠᠷ ᠳᠡᠮᠵᠢᠨ ᠤᠷᠤᠯᠳᠤᠭᠠᠨ ᠤ ᠳ᠋ᠦᠩ ᠳᠤ᠂ ᠪᠠᠶᠠᠠᠬᠤᠰᠢᠭᠤ ᠰᠤᠮᠤᠨ ᠤ ᠰᠠᠶᠢᠬᠠᠨᠨᠠᠭᠤᠷ ᠭᠠᠴᠠᠭᠠᠨ ᠤ ᠪᠠᠭᠠᠲᠤᠷ ᠤᠨ ᠰᠡᠷᠡᠯ ᠦᠷᠢᠶ᠎ᠡ ᠦᠵᠦᠭᠦᠷᠯᠡᠨ᠂ ᠵᠢᠷ ᠤᠨ ᠭᠤᠤᠯ ᠪᠠᠯᠭᠠᠰᠤᠨ ᠤ ᠤᠯᠠᠭᠠᠠᠨᠠᠭᠤᠷ ᠭᠠᠴᠠᠭᠠᠨ ᠤ ᠪᠦᠬᠡᠪᠠᠭᠠᠲᠤᠷ ᠤᠨ ᠰᠠᠷᠠᠯ ᠦᠷᠢᠶ᠎ᠡ ᠠᠮᠠᠨ ᠬᠦᠵᠦᠭᠦᠳᠡᠵᠦ᠂ ᠬᠤᠭᠤᠯᠠᠲᠤ ᠶᠢᠨ ᠭᠤᠤᠯ ᠪᠠᠯᠭᠠᠰᠤᠨ ᠤ ᠭᠡ᠊ · ᠬᠤᠪᠢᠰᠬᠠᠯᠲᠤ᠂ ᠵᠢᠷ ‍ᠤᠨ‌ᠭᠤᠤᠯ ᠪᠠᠯᠭᠠᠰᠤᠨ ᠤ ᠬᠦᠴᠦᠲᠦ᠂ ᠤᠯᠠᠭᠠᠠᠬᠠᠭᠠᠯᠭ᠎ᠠ ᠰᠤᠮᠤᠨ ᠤ ᠵ᠊ · ᠪᠤᠯᠠᠭ ᠨᠠᠷ ᠤᠨ ᠰᠠᠷᠠᠯ ᠦᠷᠢᠶ᠎ᠡ ᠲᠤᠰ ᠲᠤᠰ ᠠᠶᠢᠷᠠᠭ ᠤᠨ ᠲᠠᠪᠤ ᠳᠤ ᠬᠤᠷᠳᠤᠯᠠᠭᠰᠠᠨ ᠪᠠᠶᠢᠨ᠎ᠠ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号