6 ᠰᠠᠷ᠎ᠠ ᠶᠢᠨ 21 ᠤ ᠡᠳᠦᠷ᠂ ᠰᠢᠯᠢ ᠶᠢᠨ ᠭᠤᠣᠯ ᠤᠨ 2025 ᠣᠨ ᠤ ᠵᠣᠨ ᠤ ᠤᠯᠠᠷᠢᠯ ᠤᠨ ᠮᠣᠩᠭᠤᠯ | ᠮᠣᠷᠢᠨ ᠤ ᠬᠤᠯᠪᠣᠭᠠᠲᠤ ᠤᠷᠤᠯᠳᠤᠭᠠᠨ ᠤ ᠪᠠᠷᠠᠭᠤᠨ ᠦᠵᠦᠮᠦᠴᠢᠨ ᠬᠤᠰᠢᠭᠤᠨ ᠤ ᠰᠢᠢᠳᠪᠦᠷᠢᠲᠦ ᠤᠷᠤᠯᠳᠤᠭᠠᠨ | ᠡᠬᠢᠯᠡᠪᠡ᠃ | ᠲᠣᠰ ᠤᠳᠠᠭᠠᠨ ᠤ ᠤᠷᠤᠯᠳᠤᠭᠠᠨ ᠢ ᠪᠠᠷᠠᠭᠤᠨ ᠦᠵᠦᠮᠦᠴᠢᠨ ᠬᠤᠰᠢᠭᠤᠨ ᠤ ᠠᠷᠠᠳ ᠤᠨ ᠵᠠᠰᠠᠭ ᠤᠨ | ᠣᠷᠳᠣᠨ ᠠᠴᠠ ᠭᠤᠣᠯᠯᠠᠨ ᠡᠷᠭᠢᠯᠡᠵᠦ᠂ ᠪᠠᠷᠠᠭᠤᠨ ᠦᠵᠦᠮᠦᠴᠢᠨ ᠬᠤᠰᠢᠭᠤᠨ ᠤ ᠰᠣᠶᠣᠯ ᠪᠡᠶ᠎ᠡ ᠲᠠᠮᠢᠷ ᠵᠢᠭᠤᠯᠴᠢᠯᠠᠯ | ᠷᠠᠳᠢᠣ᠋ ᠲᠧᠯᠸᠢᠰ ᠲᠣᠪᠴᠢᠶᠠᠨ ᠠᠴᠠ ᠳᠠᠭᠠᠭᠠᠴᠢᠯᠠᠨ ᠡᠷᠬᠢᠯᠡᠵᠦ᠂ ᠪᠦᠬᠦ ᠬᠤᠰᠢᠭᠤᠨ ᠤ 6 ᠰᠤᠮᠤ ᠪᠠᠯᠭᠠᠰᠣᠨ ᠤ | 100 ᠭᠠᠷᠣᠢ ᠤᠨᠣᠭᠠᠴᠢᠳ ᠪᠣᠯᠣᠨ ᠬᠤᠷᠳᠤᠨ ᠬᠦᠯᠦᠭ ᠤᠳ ᠬᠦᠴᠦ ᠰᠢᠨᠳᠠᠰᠤ᠂ ᠤᠷ᠎ᠠ ᠮᠡᠷᠭᠡᠵᠢᠯ ᠰᠣᠷᠢᠨ | ᠣᠷᠣᠯᠳᠣᠵᠤ᠂ ᠦᠵᠡᠭᠴᠢ ᠤᠯᠠᠨ ᠤ ᠬᠠᠷᠠᠭ᠎ᠠ ᠶᠢ ᠪᠠᠶᠠᠰᠬᠠᠯ᠎ᠠ᠃ | | ᠲᠣᠰ ᠤᠳᠠᠭᠠᠨ ᠤ ᠬᠤᠰᠢᠭᠤ ᠲᠠᠰ ᠤᠨ ᠤᠷᠤᠯᠳᠤᠭᠠᠨ ᠳᠤ ᠭᠠᠴᠠᠭ᠎ᠠ᠂ ᠰᠤᠮᠤ ᠪᠠᠯᠭᠠᠰᠣ ᠬᠤᠶᠠᠷ ᠳᠡᠰ ᠤᠨ | ᠣᠷᠣᠯᠳᠣᠭᠠᠨ ᠢᠶᠠᠷ ᠰᠢᠯᠭᠠᠷᠠᠭᠰᠠᠨ ᠬᠦᠴᠦ ᠰᠢᠨᠳᠠᠰᠣᠲᠤ ᠬᠤᠷᠳᠤᠨ ᠬᠦᠯᠦᠭ ᠤᠳ ᠣᠷᠣᠯᠴᠠᠵᠤ᠂ ᠣᠷᠣᠯᠳᠣᠭᠠᠨ | ᠳᠤ ᠰᠢᠯᠭᠠᠷᠠᠭᠰᠠᠨ ᠨᠢ ᠣᠳᠠᠯ ᠦᠭᠡᠢ ᠶᠠᠪᠤᠭᠳᠠᠬᠤ ᠠᠶᠢᠮᠠᠭ ᠤᠨ ᠲᠠᠰ ᠤᠨ ᠰᠢᠢᠳᠪᠦᠷᠢᠲᠦ ᠤᠷᠤᠯᠳᠤᠭᠠᠨ ᠳᠤ | ᠬᠤᠷᠳᠤᠯᠠᠬᠤ ᠪᠣᠯᠣᠨ᠎ᠠ᠃ ᠤᠷᠤᠯᠳᠤᠭᠠᠨ ᠤ ᠲᠥᠷᠦᠯ ᠵᠦᠢᠯ ᠳᠤ 60 ᠭᠠᠵᠠᠷ ᠤᠨ ᠠᠯᠣᠰ ᠤᠨ ᠮᠤᠷᠢᠨ ᠤ | ᠣᠷᠣᠯᠳᠣᠭᠠᠨ᠂ 30 ᠭᠠᠵᠠᠷ ᠤᠨ ᠬᠦᠴᠦᠨ ᠳᠠᠮᠵᠢᠭᠤᠯᠬᠤ ᠣᠷᠣᠯᠳᠣᠭᠠᠨ᠂ ᠣᠷᠭᠠᠨ ᠮᠣᠷᠢᠨ ᠤ ᠣᠷᠠᠨ ᠡᠷᠭᠢᠯᠲᠡ᠂ | ᠬᠠᠳᠠᠭ ᠰᠢᠭᠦᠷᠬᠦ᠂ ᠨᠠᠮᠨᠠᠭ᠎ᠠ᠂ ᠮᠣᠷᠢ ᠬᠦᠳᠦᠯᠵᠦ ᠰᠠᠭᠠᠳ ᠳᠠᠪᠠᠭ᠋ᠣ᠂ ᠡᠮᠨᠢᠭ ᠰᠣᠷᠭᠠᠬᠤ᠂ ᠵᠢᠷᠤᠭ᠎ᠠ ᠮᠤᠷᠢᠨ ᠤ | ᠣᠷᠣᠯᠳᠣᠭᠠᠨ ᠵᠡᠷᠭᠡ 8 ᠲᠥᠷᠦᠯ ᠤᠨ ᠣᠷᠣᠯᠳᠣᠭᠠᠨ ᠢ ᠲᠤᠬᠢᠷᠠᠭᠤᠯᠵᠤ᠂ ᠤᠶᠠᠭᠰᠠᠨ ᠮᠣᠷᠢᠨ ᠤ ᠬᠤᠷᠳᠦ ᠬᠦᠴᠦ᠂ | ᠤᠨᠤᠭᠰᠠᠨ ᠡᠵᠡᠨ ᠤ ᠣᠷᠠᠨ ᠠᠪᠠᠭ᠋ᠠᠯᠵᠢ ᠶᠢ ᠰᠣᠷᠢᠭᠰᠠᠨ ᠪᠠᠶᠢᠨ᠎ᠠ᠃ | | ᠲᠣᠰ ᠤᠳᠠᠭᠠᠨ ᠤ ᠮᠣᠩᠭᠤᠯ ᠮᠣᠷᠢᠨ ᠤ ᠬᠤᠯᠪᠣᠭᠠᠲᠤ ᠤᠷᠤᠯᠳᠤᠭᠠᠨ ᠨᠢ ᠦᠨᠳᠦᠰᠦᠲᠡᠨ ᠤ ᠪᠡᠶ᠎ᠡ ᠲᠠᠮᠢᠷ ᠤᠨ | ᠠᠵᠢᠯᠯᠠᠭ᠎ᠠ ᠪᠣᠯᠬᠤ ᠪᠠᠷ ᠪᠠᠷᠠᠬᠤ ᠦᠭᠡᠢ ᠨᠠᠩ ᠴᠤ ᠨᠢᠭᠡ ᠤᠳᠠᠭᠠᠨ ᠤ ᠦᠨᠳᠦᠰᠦᠲᠡᠨ ᠤ ᠰᠣᠶᠣᠯ ᠤᠨ ᠳᠡᠯᠭᠡᠨ | ᠦᠵᠡᠭᠦᠯᠦᠯᠭᠡ ᠪᠣᠯᠬᠤ ᠶᠤᠮ᠃ ᠡᠨᠡ ᠨᠢ ᠳᠥᠷᠪᠡᠨ ᠵᠦᠭ ᠨᠠᠢᠮᠠᠨ ᠵᠣᠪᠬᠢᠰ ᠤᠨ ᠵᠢᠭᠤᠯᠴᠢᠯᠠᠭᠰᠠᠳ ᠲᠤ | ᠦᠵᠦᠮᠦᠴᠢᠨ ᠤ ᠲᠠᠯ᠎ᠠ ᠨᠤᠲᠤᠭ ᠤᠨ ᠥᠪᠡᠷᠮᠢᠴᠡ ᠷᠢᠳᠢ ᠰᠢᠳᠢ ᠶᠢ ᠲᠠᠨᠢᠭᠤᠯᠤᠭᠰᠠᠨ ᠪᠥᠭᠡᠳ ᠮᠣᠩᠭᠤᠯ ᠮᠣᠷᠢᠨ ᠤ | ᠵᠣᠷᠢᠭ ᠰᠠᠨᠠᠭ᠎ᠠ ᠶᠢ ᠤᠯᠠᠮᠵᠢᠯᠠᠨ ᠪᠠᠳᠠᠷᠠᠭᠤᠯᠬᠤ᠂ ᠣᠷᠣᠨ ᠨᠤᠲᠤᠭ ᠤᠨ ᠰᠣᠶᠣᠯ ᠵᠢᠭᠤᠯᠴᠢᠯᠠᠯ ᠤᠨ ᠠᠵᠤ ᠦᠢᠯᠡᠰ | ᠤᠨ ᠬᠥᠭᠵᠢᠯᠲᠡ ᠶᠢ ᠠᠬᠢᠭᠤᠯᠬᠤ ᠳᠤ ᠬᠦᠴᠦᠷᠬᠡᠭ ᠶᠡᠭᠡ ᠬᠥᠳᠡᠯᠭᠡᠬᠦ ᠬᠦᠴᠦᠨ ᠨᠡᠮᠡᠷᠢᠯᠡᠭᠰᠡᠨ ᠪᠠᠶᠢᠨ᠎ᠠ᠃ | ᠪᠡᠭᠡᠵᠢᠩ ᠤᠨ ᠵᠢᠭᠤᠯᠴᠢᠯᠠᠭᠴᠢ ᠵᠠᠩ ᠱᠧ ᠨᠢᠩ : ︽ᠥᠴᠦᠭᠡᠳᠦᠷ ᠣᠷᠣᠢ ᠪᠠᠷᠠᠭᠤᠨ ᠦᠵᠦᠮᠦᠴᠢᠨ | ᠬᠤᠰᠢᠭᠤᠨ ᠳᠤ ᠢᠷᠡᠭᠰᠡᠨ᠂ ᠥᠨᠦᠳᠦᠷ ᠶᠠᠭ ᠰᠠᠶᠢᠬᠠᠨ ᠨᠠᠶᠢᠷ ᠨᠠᠭᠠᠳᠤᠮ ᠦᠵᠡᠴᠢᠬᠡᠯ᠎ᠡ᠃ ᠵᠠᠮ ᠳᠠᠭᠠᠤ ᠦᠵᠡᠮᠵᠢ | ᠪᠠ ᠨᠠᠭᠠᠳᠤᠮ ᠦᠨᠡᠭᠡᠷ ᠭᠤᠶᠤ ᠪᠠᠶᠢᠨ᠎ᠠ᠃ ᠣᠣᠯ ᠨᠢ ᠲᠧᠯᠸᠢᠰ ᠳᠡᠭᠡᠷ᠎ᠡ ᠠᠴᠠ ᠯᠡ ᠦᠵᠡᠵᠦ ᠪᠠᠶᠢᠭᠰᠠᠨ᠂ | ᠥᠨᠦᠳᠦᠷ ᠨᠢᠳᠦ ᠪᠠᠷ ᠢᠶᠠᠨ ᠦᠵᠡᠭᠡᠳ ᠦᠨᠡᠭᠡᠷ ᠳᠤᠭᠳᠤᠯᠵᠤ ᠪᠠᠶᠢᠨ᠎ᠠ᠃ ᠤᠷᠤᠯᠳᠤᠭᠠᠨ ᠮᠣᠷᠢᠳ ᠪᠠ | ᠣᠨᠣᠭᠠᠭᠴᠢᠳ ᠦᠨᠡᠭᠡᠷ ᠵᠣᠷᠢᠭ ᠰᠥᠰᠦ ᠲᠠᠢ᠂ ᠲᠤᠩ ᠬᠠᠲᠠᠭᠤᠵᠢᠯᠲᠠᠢ᠂ ᠪᠢᠰᠢᠷᠡᠮᠡᠷ᠂ ᠪᠠᠭ᠋ᠠᠷᠬᠠᠮᠠᠷ ᠰᠠᠶᠢᠬᠠᠨ | ᠪᠠᠶᠢᠨ᠎ᠠ︕︾ ᠭᠡᠯᠡ᠃ | |