ᠵᠠᠯᠠᠭᠤ ᠨᠠᠰᠤ ᠶᠢ ᠤᠷ᠎ᠠ ᠣᠬᠠᠭᠠᠨ᠂ ᠪᠢᠷ᠎ᠠ ᠴᠢᠳᠠᠯ᠂ ᠬᠦᠰᠡᠯ ᠮᠦᠷᠥᠭᠡᠳᠦᠯ ᠭᠡᠳ ᠠᠯᠢ ᠪᠤᠯᠭᠠᠨ ᠢᠶᠠᠷ ᠴᠢᠮᠡᠵᠦ | ᠪᠤᠯᠤᠨ᠎ᠠ᠃ ᠬᠡᠬᠦ ᠳᠤ ᠬᠠᠮᠤᠭ ᠤᠨ ᠴᠢᠬᠤᠯᠠ ᠨᠢ ᠬᠥᠳᠡᠯᠮᠦᠷᠢ ᠣᠷᠣᠯᠳᠣᠯᠭ᠎ᠠ ᠯᠡ ᠰᠠᠶ᠋ᠢ ᠦᠨᠡᠨ ᠬᠦ ᠵᠠᠯᠠᠭᠤ ᠨᠠᠰᠤ ᠶᠢ | ᠴᠢᠮᠡᠳᠡᠭ ᠶᠤᠮ ᠃ | | ᠵᠠᠯᠠᠭᠤ ᠬᠤᠣᠰ ᠰᠢᠵᠢᠷ ᠡᠷᠳᠡᠨᠢᠳᠠᠯᠠᠢ ᠬᠤᠶᠠᠷ ᠶᠠᠭ ᠢᠩᠭᠢᠵᠦ ᠯᠡ ᠵᠠᠯᠠᠭᠤ ᠨᠠᠰᠤᠨ ᠤ ᠬᠦᠰᠡᠯ ᠮᠦᠷᠦᠭᠡᠳᠦᠯ ᠳᠡᠭᠡᠨ | ᠬᠦᠲᠦᠯᠦᠭᠳᠡᠨ᠂ ᠰᠣᠷᠴᠤ ᠰᠤᠳᠤᠯᠵᠤ᠂ ᠬᠢᠵᠦ ᠪᠥᠲᠦᠭᠡᠬᠦ ᠶᠢ ᠬᠠᠶᠢᠵᠤ᠂ ᠬᠦᠳᠡᠯᠮᠦᠷᠢ ᠤᠷᠤᠯᠳᠤᠯᠭ᠎ᠠ ᠪᠠᠷ ᠢᠶᠠᠨ ᠵᠠᠯᠠᠭᠤ | ᠨᠠᠰᠤ ᠪᠠᠨ ᠴᠢᠮᠡᠵᠦ ᠶᠠᠪᠤᠨ᠎ᠠ ᠃ | | | | | | ᠰᠢᠵᠢᠷ᠂ ᠡᠷᠳᠡᠨᠢᠳᠠᠯᠠᠢ ᠬᠤᠶᠠᠷ ᠪᠣᠯ ᠪᠠᠷᠠᠭᠤᠨ ᠦᠵᠦᠮᠦᠴᠢᠨ ᠬᠤᠰᠢᠭᠤᠨ ᠤ ᠣᠯᠠᠭᠠᠨᠬᠠᠭᠠᠯᠭ᠎ᠠ ᠰᠣᠮᠤᠨ ᠤ | ᠰᠢᠨᠡᠭᠤᠣᠯ ᠭᠠᠴᠠᠭᠠᠨ ᠤ ᠮᠠᠯᠴᠢᠨ᠃ ᠲᠡᠷᠡᠪᠡᠷ 2022 ᠣᠨ ᠳᠤ ᠶᠡᠭᠡ ᠰᠣᠷᠭᠠᠭᠤᠯᠢ ᠪᠠᠨ ᠲᠡᠭᠦᠰᠬᠦ ᠳᠡᠭᠡᠨ᠂ | ᠬᠥᠳᠡᠭᠡ ᠪᠠᠨ ᠭᠠᠷᠴᠤ ᠮᠠᠯᠴᠢᠨ ᠪᠤᠯᠤᠨ᠎ᠠ ᠭᠡᠮᠡᠨ ᠦᠨᠳᠦᠷ ᠳᠣᠮᠳᠠᠳᠣ ᠳᠤ ᠪᠠᠶᠢᠬᠤ ᠶᠢᠨ ᠦᠶ᠎ᠡ ᠠᠴᠠ ᠪᠠᠨ ᠪᠤᠳᠤᠵᠤ ᠰᠠᠨᠠᠵᠤ | ᠪᠠᠶᠢᠳᠠᠭ ᠢᠶᠠᠷ ᠢᠶᠠᠨ ᠬᠥᠳᠡᠭᠡ ᠨᠤᠲᠤᠭ ᠲᠠᠭᠠᠨ ᠬᠠᠷᠢᠵᠤ ᠠᠶᠢᠯ ᠭᠡᠷ ᠪᠣᠯᠣᠨ᠂ ᠠᠪᠤ ᠡᠵᠢ ᠪᠠᠨ ᠲᠠᠭᠠᠨ ᠮᠠᠯ ᠮᠠᠯᠵᠢᠬᠤ | ᠣᠬᠠᠭᠠᠨ ᠢ ᠰᠤᠷᠴᠤ ᠡᠬᠢᠯᠡᠭᠰᠡᠨ ᠪᠠᠶᠢᠨ᠎ᠠ ᠃ | ᠰᠢᠨ᠎ᠡ ᠴᠠᠭ ᠦᠶ᠎ᠡ ᠶᠢᠨ ᠶᠡᠭᠡ ᠰᠣᠷᠭᠠᠭᠤᠯᠢ ᠶᠢᠨ ᠮᠡᠳᠡᠯᠭᠡ ᠮᠡᠷᠭᠡᠵᠢᠯ ᠲᠠᠢ ᠵᠠᠯᠠᠭᠤ ᠮᠠᠯᠴᠢᠨ ᠪᠤᠯᠤᠭᠰᠠᠨ ᠤ | ᠬᠤᠪᠢ ᠳᠤ ᠰᠢᠵᠢᠷ᠂ ᠡᠷᠳᠡᠨᠢᠳᠠᠯᠠᠢ ᠬᠤᠶᠠᠷ ᠵᠦᠪᠬᠡᠨ ᠮᠠᠯ ᠢᠶᠠᠨ ᠯᠡ ᠮᠠᠯᠵᠢᠳᠠᠭ ᠮᠠᠯᠴᠢᠨ ᠪᠤᠯᠤᠭᠠᠳ ᠪᠣᠯᠬᠤ ᠦᠭᠡᠢ ᠭᠡᠮᠡᠨ | ᠪᠤᠳᠤᠵᠤ᠂ ᠴᠠᠭ ᠦᠶ᠎ᠡ ᠶᠢᠨ ᠠᠯᠬᠤᠭ᠎ᠠ ᠠᠶᠢᠵᠠᠮ ᠢ ᠳᠠᠭᠠᠵᠤ ᠂ ᠲᠤᠤᠷ ᠰᠦᠯᠵᠢᠶᠡᠨ ᠤ ᠵᠠᠬ᠎ᠠ ᠵᠡᠭᠡᠯᠢ ᠶᠢᠨ ᠶᠡᠭᠡ | ᠣᠷᠣᠰᠬᠠᠯ ᠢ ᠠᠰᠢᠭᠯᠠᠨ ᠶᠠᠭᠤ ᠨᠢᠭᠡ ᠶᠢ ᠬᠢᠵᠦ ᠦᠵᠡᠬᠦ ᠶᠢ ᠪᠤᠳᠤᠭᠰᠠᠭᠠᠷ ᠢᠷᠡᠵᠡᠢ ᠃ | ᠰᠢᠵᠢᠷ ᠬᠠᠷᠠᠬᠠᠨ ᠪᠠᠭ᠎ᠠ ᠠᠴᠠ ᠪᠠᠨ ᠠᠪᠤ ᠡᠵᠢ ᠪᠠᠨ ᠳᠠᠭᠠᠵᠤ ᠠᠵᠢᠯ ᠬᠥᠳᠡᠯᠮᠦᠷᠢ ᠬᠢᠵᠦ ᠰᠣᠷᠣᠭᠰᠠᠨ ᠠᠴᠠ ᠶᠡᠭᠡ | ᠰᠣᠷᠭᠠᠭᠤᠯᠢ ᠪᠠᠨ ᠲᠡᠭᠦᠰᠦᠭᠡᠳ ᠬᠥᠳᠡᠭᠡ ᠪᠠᠨ ᠭᠠᠷᠴᠤ ᠮᠠᠯ ᠮᠠᠯᠵᠢᠬᠤ ᠳᠤ ᠪᠠᠨ ᠶᠡᠷᠦ ᠲᠡᠪᠡᠳᠡᠭᠰᠡᠨ ᠦᠭᠡᠢ᠂ ᠭᠡᠷ | ᠭᠠᠳᠠᠨ᠎ᠠ ᠶᠢᠨ ᠠᠵᠢᠯ ᠢᠶᠠᠨ ᠬᠢᠬᠦ ᠶᠢᠨ ᠵᠡᠷᠭᠡ ᠪᠠᠰᠠ ᠦᠷᠭᠦᠯᠵᠢ ᠮᠠᠯᠵᠢᠬᠤ ᠠᠮᠢᠳᠣᠷᠠᠯ ᠢᠶᠠᠨ ᠰᠡᠭᠦᠳᠡᠷᠯᠡᠵᠦ ᠵᠢᠷᠤᠭᠯᠠᠨ ᠲᠢᠺ | ᠲᠤᠺ ᠳᠡᠭᠡᠷ᠎ᠡ ᠪᠠᠨ ᠣᠬᠤᠷ ᠪᠢᠴᠢᠯᠭᠡ ᠨᠡᠶᠢᠲᠡᠯᠡᠵᠦ ᠦᠯᠡᠳᠡᠭᠡᠳᠡᠭ ᠪᠠᠶᠢᠨ᠎ᠠ᠃ ᠬᠡᠳᠦᠶᠢᠪᠡᠷ ᠨᠢᠯᠬ᠎ᠠ ᠪᠠᠯᠴᠢᠷ ᠬᠡᠣᠬᠡᠳ ᠲᠠᠢ | ᠴᠤ ᠵᠠᠪ ᠴᠢᠯᠦᠭᠡ ᠭᠠᠷᠪᠠᠯ ᠯᠡ ᠰᠢᠨ᠎ᠡ ᠶᠠᠭᠤᠮ᠎ᠠ ᠶᠢ ᠬᠢᠵᠦ ᠦᠵᠡᠵᠦ ᠪᠠᠶᠢᠳᠠᠭ ᠰᠢᠵᠢᠷ ᠨᠢᠭᠡ ᠡᠳᠦᠷ ᠭᠡᠷ ᠤᠨ ᠬᠢᠨ ᠳᠡᠭᠡᠨ | ᠦᠬᠡᠷ ᠤᠨ ᠮᠢᠬᠠᠨ ᠵᠢᠶᠠᠩ ᠬᠢᠵᠦ ᠥᠭᠭᠦᠭᠡᠳ᠂ ᠵᠢᠶᠠᠩ ᠬᠢᠭᠰᠡᠨ ᠶᠠᠪᠤᠴᠠ ᠪᠠᠨ ᠣᠬᠤᠷ ᠪᠢᠴᠢᠯᠭᠡ ᠨᠠᠶᠢᠷᠠᠭᠤᠯᠵᠤ ᠲᠢᠺ | ᠲᠤᠺ ᠤᠨ ᠪᠦᠲᠦᠭᠡᠯ ᠳᠡᠭᠡᠨ ᠨᠡᠶᠢᠲᠡᠯᠡᠭᠰᠡᠨ ᠳᠤ ᠲᠡᠭᠦᠨ ᠤ ᠰᠠᠨᠠᠭᠠᠨ ᠠᠴᠠ ᠭᠠᠳᠠᠭᠤᠷ ᠮᠠᠰᠢ ᠤᠯᠠᠨ ᠬᠦᠮᠦᠰ ᠠᠩᠬᠠᠷᠣᠨ | ᠦᠵᠡᠵᠦ᠂ ᠬᠤᠳᠠᠯᠳᠣᠨ ᠠᠪᠬᠤ ᠶᠢ ᠬᠦᠰᠡᠭᠰᠡᠨ ᠪᠠᠶᠢᠨ᠎ᠠ᠃ ᠢᠩᠭᠢᠭᠡᠳ ᠯᠡ ᠰᠢᠵᠢᠷ ᠤᠨ ᠬᠢᠭᠰᠡᠨ ᠦᠬᠡᠷ ᠤᠨ ᠮᠢᠬᠠᠨ | ᠵᠢᠶᠠᠩ ᠪᠣᠷᠤᠯᠠᠭᠤᠯᠭ᠎ᠠ ᠶᠢᠨ ᠵᠠᠮ ᠢᠶᠠᠨ ᠨᠡᠭᠡᠭᠡᠵᠦ᠂ ᠰᠢᠵᠢᠷ ᠡᠳᠦᠷ ᠲᠤᠵᠢ ᠯᠡ ᠭᠠᠯ ᠲᠤᠭᠤᠭᠠᠨ ᠤ ᠭᠡᠷ ᠲᠡᠭᠡᠨ ᠮᠤᠩᠭᠢᠨᠠᠨ | ᠬᠠᠵᠠᠭᠤ ᠪᠠᠷ ᠨᠢ ᠣᠬᠤᠷ ᠪᠢᠴᠢᠯᠭᠡ ᠰᠢᠩᠭᠡᠭᠡᠵᠦ ᠨᠡᠶᠢᠲᠡᠯᠡᠭᠡᠳ ᠨᠡᠩ ᠶᠠᠭᠠᠷᠠᠯᠲᠠᠢ ᠠᠵᠢᠯᠯᠠᠳᠠᠭ ᠪᠣᠯᠵᠠᠢ ᠃ | | | | | ᠣᠳᠣ ᠪᠣᠯᠬᠤ ᠳᠤ ᠰᠢᠵᠢᠷ ᠤᠨ ᠲᠢᠺ ᠲᠤᠺ ᠤᠨ ᠬᠥᠷᠢᠶᠡᠯᠡᠭᠰᠡᠳ ᠤᠨ ᠲᠤᠭ᠎ᠠ ᠤᠯᠠᠮ ᠠᠴᠠ ᠤᠯᠠᠮ ᠨᠡᠮᠡᠭᠳᠡᠵᠦ᠂ | ᠬᠦᠮᠦᠰ ᠲᠡᠭᠦᠨ ᠤ ᠨᠡᠶᠢᠲᠡᠯᠡᠭᠰᠡᠨ ᠪᠦᠲᠦᠭᠡᠯ ᠢ ᠰᠣᠨᠢᠷᠬᠠᠬᠤ ᠶᠢᠨ ᠬᠠᠮᠲᠤ ᠦᠬᠡᠷ ᠤᠨ ᠮᠢᠬᠠᠨ ᠵᠢᠶᠠᠩ ᠢ ᠨᠢ ᠵᠠᠬᠢᠶᠠᠯᠠᠨ | ᠠᠪᠴᠤ᠂ ᠣᠬᠤᠷᠬᠠᠨ ᠭᠤᠷᠪᠠᠨ ᠰᠠᠷ᠎ᠠ ᠶᠢᠨ ᠬᠤᠭᠤᠴᠠᠭᠠᠨ ᠳᠤ ᠪᠣᠷᠤᠯᠠᠭᠤᠯᠭ᠎ᠠ ᠶᠢᠨ ᠥᠷᠲᠡᠭ ᠨᠢ 2 ᠲᠦᠮᠡᠨ | ᠲᠦᠭᠦᠷᠢᠭ ᠲᠤ ᠬᠦᠷᠴᠦ᠂ ᠮᠠᠯ ᠤᠨ ᠠᠰᠢᠭ ᠰᠢᠮ᠎ᠡ ᠪᠠᠨ ᠪᠦᠲᠦᠭᠡᠭᠳᠡᠭᠦᠨ ᠪᠤᠯᠭᠠᠨ ᠪᠤᠷᠤᠯᠠᠭᠤᠯᠵᠤ ᠣᠷᠣᠯᠭ᠎ᠠ ᠪᠠᠨ | ᠨᠡᠮᠡᠭᠳᠡᠭᠦᠯᠵᠦ ᠴᠢᠳᠠᠭᠰᠠᠨ ᠪᠠᠶᠢᠨ᠎ᠠ᠃ | ᠤᠯᠠᠮᠵᠢᠯᠠᠯᠲᠤ ᠮᠠᠯᠵᠢᠬᠤ ᠠᠮᠢᠳᠣᠷᠠᠯ ᠠᠴᠠ ᠡᠯᠧᠺᠲᠷᠣᠨ ᠬᠤᠳᠠᠯᠳᠤᠭ᠎ᠠ ᠬᠦᠷᠲᠡᠯ᠎ᠡ᠂ ᠬᠥᠳᠡᠭᠡ ᠨᠤᠲᠤᠭ ᠠᠴᠠ | ᠰᠦᠯᠵᠢᠶᠡᠨ ᠶᠢᠷᠲᠢᠨᠴᠦ ᠬᠦᠷᠲᠡᠯ᠎ᠡ᠂ ᠰᠢᠵᠢᠷ ᠤᠨ ᠦᠯᠢᠭᠡᠷ ᠨᠢ ᠰᠢᠨ᠎ᠡ ᠴᠠᠭ ᠦᠶ᠎ᠡ ᠶᠢᠨ ᠵᠠᠯᠠᠭᠤ ᠮᠠᠯᠴᠢᠨ ᠤ ᠰᠢᠨ᠎ᠡ ᠶᠢ | ᠡᠭᠦᠳᠬᠦ ᠬᠥᠭᠵᠢᠯᠲᠡ ᠶᠢᠨ ᠠᠮᠢᠳᠤᠯᠢᠭ ᠵᠢᠱᠢᠶ᠎ᠡ ᠪᠣᠯᠵᠤ᠂ ᠬᠥᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠳᠤ ᠵᠠᠯᠠᠭᠤ | ᠬᠦᠮᠦᠨ ᠤ ᠬᠦᠴᠦ ᠪᠠᠨ ᠨᠡᠮᠡᠷᠢᠯᠡᠨ᠎ᠡ᠃ ᠲᠤᠤᠷ ᠰᠦᠯᠵᠢᠶᠡᠨ ᠤ ᠴᠠᠭ ᠦᠶ᠎ᠡ ᠳᠤ᠂ ᠬᠥᠳᠡᠭᠡ ᠲᠣᠰᠬᠤᠨ ᠢ ᠬᠥᠭᠵᠢᠭᠦᠯᠦᠨ | ᠮᠠᠨᠳᠤᠭᠤᠯᠬᠤ ᠪᠠ ᠰᠣᠶᠣᠯ ᠵᠢᠭᠤᠯᠴᠢᠯᠠᠯ ᠢ ᠠᠭᠤᠰᠤᠯᠴᠠᠭᠤᠯᠤᠭᠰᠠᠨ ᠠᠬᠤᠢ ᠪᠠᠶᠢᠳᠠᠯ ᠳᠣᠣᠷ᠎ᠠ᠂ ᠤᠯᠠᠮ ᠠᠴᠠ ᠤᠯᠠᠮ | ᠤᠯᠠᠨ ᠮᠠᠯᠴᠢᠳ ᠤᠯᠠᠨ ᠡᠰᠢᠴᠢᠯᠡᠭᠰᠡᠨ ᠬᠥᠭᠵᠢᠯᠲᠡ ᠶᠢᠨ ᠵᠠᠮ ᠢ ᠬᠠᠶᠢᠨ ᠰᠦᠪᠡᠭᠴᠢᠯᠡᠵᠦ᠂ ᠤᠷ᠎ᠠ ᠤᠬᠠᠭᠠᠨ ᠪᠠ ᠣᠶᠢᠭ᠎ᠠ | ᠦᠭᠡᠢ ᠬᠥᠳᠡᠯᠮᠦᠷᠢ ᠪᠠᠷ ᠢᠶᠠᠨ ᠰᠢᠨ᠎ᠡ ᠴᠠᠭ ᠦᠶ᠎ᠡ ᠶᠢᠨ ᠰᠢᠨ᠎ᠡ ᠮᠠᠯᠴᠢᠨ ᠤ ᠦᠯᠢᠭᠡᠷ ᠳᠠᠭᠤᠷᠢᠶᠠᠯ ᠢ ᠪᠢᠴᠢᠭᠯᠡᠨ᠂ ᠠᠮᠵᠢᠯᠲᠠ | ᠪᠦᠲᠦᠭᠡᠯ ᠢᠶᠠᠷ ᠳᠦᠭᠦᠷᠡᠩ ᠶᠠᠪᠤᠨ᠎ᠠ᠃ | | | | | | | | | |