ᠦᠪᠯᠠᠨ ᠤᠯᠠᠮᠵᠢᠯᠠᠬᠤ ᠠᠵᠢᠯ ᠳᠤ ᠵᠢᠳᠬᠦᠵᠦ ᠶᠠᠪᠤᠭ᠎ᠠ ---- ᠰᠣᠪᠤᠳᠬᠡᠷᠡᠯ
ᠨᠡᠶᠢᠲᠡᠯᠡᠭᠰᠡᠨ ᠴᠠᠭ᠄
2025/6/11
     6 ᠰᠠᠷ᠎ᠡ ᠶᠢᠨ 7 ᠤ ᠡᠳᠦᠷ᠂ ᠪᠤᠳᠠᠰ ᠤᠨ ᠪᠤᠰᠣ ᠰᠣᠶᠤᠯ ᠤᠨ ᠥᠪ ᠤᠨ ᠬᠤᠰᠢᠭᠤ ᠲᠠᠰ ᠤᠨ ᠤᠷᠳᠣ ᠶᠢᠨ ᠲᠠᠭᠤᠤ ᠶᠢᠨ ᠦᠪᠯᠠᠨ ᠤᠯᠠᠮᠵᠢᠯᠠᠭᠴᠢ᠂ ᠤᠯᠠᠭᠠᠨ ᠬᠠᠭᠠᠯᠭ᠎ᠠ ᠰᠣᠮᠤᠨ ᠤ ᠡᠷᠢᠶᠠᠨᠠᠭᠤᠷ ᠭᠠᠴᠠᠭᠠᠨ ᠤ ᠮᠠᠯᠴᠢᠨ ᠰᠣᠪᠤᠳᠬᠡᠷᠡᠯ᠂ ᠰᠣᠷᠤᠭᠴᠢᠳ ᠢᠶᠠᠨ ᠲᠠᠭᠠᠭᠤᠯᠤᠨ᠂ ᠤᠯᠠᠭᠠᠨ ᠬᠠᠭᠠᠯᠭ᠎ᠠ ᠰᠣᠮᠤᠨ ᠤ ᠪᠤᠳᠠᠰ ᠤᠨ ᠪᠤᠰᠣ ᠰᠣᠶᠤᠯ ᠤᠨ ᠥᠪ ᠤᠨ ᠦᠵᠡᠬᠦᠯᠤᠯᠬᠡ ᠶᠢᠨ ᠲᠠᠩᠬᠢᠮ᠂99 ᠨᠤᠮᠧᠷᠳᠣ ᠠᠶᠠᠯᠠᠯ ᠤᠨ ᠱᠤᠭᠤᠮ ᠤᠨ ᠤᠯᠠᠭ᠎ᠠ ᠦᠷᠳᠡᠭᠡ ᠪᠠᠷ ᠲᠤᠭᠤᠷᠢᠨ ᠰᠣᠷᠤᠯᠴᠠᠭᠰᠠᠨ ᠪᠠᠶᠢᠨ᠎ᠠ᠃
    ᠰᠣᠷᠤᠯᠴᠠᠯᠭ᠎ᠠ ᠳᠤ᠂ ᠤᠷᠳᠣ ᠶᠢᠨ ᠲᠠᠭᠤᠤ ᠲᠠᠭᠤᠯᠠᠬᠤ   ᠵᠡᠷᠬᠡ ᠵᠢᠭᠠᠨ ᠰᠣᠷᠭᠠᠯᠳᠠ ᠠᠴᠠ ᠭᠠᠳᠠᠨ᠎ᠠ ᠬᠠᠭᠤᠴᠢᠨ ᠰᠣᠷᠭᠠᠭᠤᠯᠢ ᠶᠢᠨ ᠤᠷᠴᠢᠨ ᠨᠦᠬᠦᠴᠠᠯ᠂ ᠦᠵᠦᠮᠦᠴᠢᠨ ᠨᠤᠳᠤᠭ ᠤᠨ ᠡᠪᠡᠰᠦ ᠤᠷᠭᠤᠮᠠᠯ᠂ ᠬᠠᠭᠤᠴᠢᠨ ᠬᠤᠪᠴᠠᠰᠣ ᠵᠠᠰᠠᠯ᠂ ᠠᠮᠢᠳᠠᠨ ᠤ ᠵᠠᠭᠪᠤᠷ᠂ ᠠᠳᠣᠭᠤᠨ ᠲᠠᠮᠠᠭ᠎ᠠ ᠵᠡᠷᠬᠡ ᠤᠯᠠᠨ ᠵᠦᠢᠯᠠᠰ ᠢ  ᠲᠤᠭᠤᠷᠢᠨ ᠦᠵᠡᠵᠡᠢ᠃
   
   ᠰᠣᠷᠣᠯᠴᠠᠯᠭ᠎ᠠ  ᠳᠤ ᠤᠷᠤᠯᠴᠠᠭᠰᠠᠳ ᠨᠢ ᠪᠤᠳᠠᠰ ᠤᠨ ᠪᠤᠰᠣ ᠰᠣᠶᠤᠯ ᠤᠨ ᠥᠪ -  ᠤᠷᠳᠣ ᠶᠢᠨ ᠲᠠᠭᠤᠤ ᠶᠢᠨ ᠤᠯᠤᠰ ᠤᠨ ᠲᠠᠰ  ᠤᠨ ᠦᠪᠯᠠᠨ ᠤᠯᠠᠮᠵᠢᠯᠠᠭᠴᠢ ᠮᠧᠳᠡᠭ ᠪᠠᠭᠰᠢ ᠶᠢ ᠡᠷᠬᠢᠨ ᠦᠵᠡᠵᠦ᠂ ᠲᠠᠬᠦᠨ ᠤ ᠤᠷᠳᠣ ᠶᠢᠨ ᠲᠠᠭᠤᠤ ᠶᠢᠨ ᠦᠢᠯᠠᠰ  ᠲᠤ ᠦᠵᠡᠬᠦᠯᠦᠭᠰᠡᠨ ᠭᠦᠳᠠᠯᠮᠤᠷᠢ ᠵᠢᠳᠬᠦᠯ ᠳᠤ ᠨᠢ ᠬᠦᠨᠳᠣᠳᠬᠡᠯ ᠲᠡᠪᠰᠢᠬᠦᠯᠵᠡᠢ᠃     ᠤᠷᠳᠣ ᠶᠢᠨ ᠲᠠᠭᠤᠴᠢᠨ ᠰᠣᠪᠤᠳᠬᠡᠷᠡᠯ ᠬᠠᠷᠠᠬᠠᠨ ᠪᠠᠭ᠎ᠠ ᠠᠴᠠ  ᠪᠠᠨ ᠲᠠᠭᠤᠤ ᠤᠷᠠᠯᠢᠭ ᠲᠤ ᠪᠠᠭ᠋ᠠᠳᠠᠢ ᠪᠠᠶᠢᠳᠠᠭ ᠠᠴᠠ ᠨᠤᠳᠤᠭ ᠤᠰᠣᠨ ᠤ ᠪᠠᠨ ᠤᠷᠤᠭ ᠬᠤᠷᠢᠮ᠂ ᠵᠢᠯ ᠤᠰᠣᠨ ᠤ ᠪᠠᠶᠠᠷ ᠨᠠᠶᠢᠷ ᠢᠶᠠᠷ ᠬᠦᠷᠬᠦ ᠳᠡᠭᠡᠨ ᠨᠤᠳᠤᠭ  ᠤᠨ ᠤᠯᠠᠨ ᠪᠤᠭᠤᠷᠤᠯᠴᠤᠳ ᠤᠨ ᠤᠷᠳᠣ ᠶᠢᠨ ᠲᠠᠭᠤᠤ ᠶᠢᠨ ᠤᠶᠠᠩᠭᠠᠨ ᠰᠢᠷᠤᠩᠬᠠᠢ ᠳᠤ ᠦᠪᠡᠷ ᠤᠨ ᠡᠷᠬᠡ ᠦᠬᠡᠢ ᠰᠠᠳᠬᠢᠯ ᠤᠶᠠᠭᠳᠠᠨ᠂ ᠲᠠᠭᠦᠨ ᠤ ᠦᠨᠤᠳᠣᠷ ᠶᠢᠨ ᠠᠮᠵᠢᠯᠳᠠ ᠶᠢᠨ ᠬᠢᠨᠢ ᠠᠩᠬᠠᠨ ᠤ ᠬᠢᠴᠢᠶᠠᠯ ᠪᠤᠯᠵᠦ ᠂ ᠤᠯᠠᠨ ᠵᠢᠯ ᠤᠨ ᠲᠤᠷᠰᠢ᠂ ᠤᠷᠳᠣ ᠶᠢᠨ ᠲᠠᠭᠤᠤ  ᠪᠠᠨ ᠲᠠᠭᠤᠯᠠᠵᠦ ᠰᠣᠷᠴᠦ ᠶᠠᠪᠤᠭᠰᠠᠨ ᠢᠶᠠᠷ 2021 ᠣᠨ ᠳᠤ ᠪᠤᠳᠠᠰ ᠤᠨ ᠪᠤᠰᠣ ᠰᠣᠶᠤᠯ  ᠤᠷᠳᠣ ᠶᠢᠨ ᠲᠠᠭᠤᠤ ᠶᠢᠨ ᠬᠤᠰᠢᠭᠤ ᠲᠠᠰ ᠦᠪᠯᠠᠨ ᠤᠯᠠᠮᠵᠢᠯᠠᠭᠴᠢ ᠪᠤᠯᠵᠦ᠂ 20 ᠭᠠᠷᠤᠢ ᠱᠠᠪᠢ ᠬᠦᠮᠦᠵᠢᠬᠦᠯᠵᠦ᠂ ᠤᠷᠳᠣ ᠶᠢᠨ ᠲᠠᠭᠤᠤ ᠶᠢᠨ ᠦᠢᠯᠠᠰ ᠲᠤ ᠦᠪᠡᠷ ᠤᠨ ᠬᠡᠰᠡᠨ ᠬᠤᠪᠢ ᠨᠠᠮᠠᠷᠢ  ᠪᠠᠨ ᠦᠵᠡᠬᠦᠯᠵᠦ ᠶᠠᠪᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号