ᠮᠠᠯᠴᠢᠨ ᠭᠤᠤᠯᠳᠠᠮᠤᠷ ᠲᠤᠭᠤᠯ ᠤᠳ ᠢᠶᠠᠨ ᠲᠡᠭᠰᠢᠳᠬᠡᠭᠡᠳ 1 ᠲᠦᠮᠡᠨ ᠲᠥᠭᠦᠷᠢᠭ ᠢᠶᠠᠷ ᠬᠤᠳᠠᠯᠳᠤᠳᠠᠭ
ᠨᠡᠶᠢᠲᠡᠯᠡᠭᠰᠡᠨ ᠴᠠᠭ᠄
2025/4/8
                                ᠴᠢᠮᠡᠭᠡᠯᠡᠭᠴᠢ ᠡ᠊᠂ ᠪᠠᠭᠠᠲᠤᠷ    ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠤᠮᠤᠨ ᠤ ᠬᠦᠷᠡᠯᠲᠦ ᠭᠠᠴᠠᠭᠠᠨ ᠤ ᠮᠠᠯᠴᠢᠨ ᠭᠤᠤᠯᠳᠠᠮᠦᠷ ᠤᠨ  ᠬᠢᠨ ᠬᠥᠳᠡᠭᠡ ᠪᠠᠨ ᠰᠢᠯᠢᠳᠡᠭ ᠡᠭᠦᠯᠳᠡᠷ ᠤᠨ ᠰᠢᠮᠧᠨ᠋ᠲ᠋ᠠᠷ ᠦᠬᠡᠷ ᠮᠠᠯᠵᠢᠵᠤ᠂ ᠣᠶᠢᠷ᠎ᠠ ᠶᠢᠨ ᠬᠤᠶᠠᠷ ᠵᠢᠯ ᠳᠤ ᠦᠭᠡᠷ ᠤᠨ ᠦᠨ᠎ᠡ ᠬᠠᠩᠰᠢ ᠪᠠᠭᠤᠷᠠᠭᠰᠠᠨ ᠴᠤ ᠲᠤᠭᠤᠯ ᠤᠳ ᠢᠶᠠᠨ ᠲᠡᠭᠰᠢᠳᠬᠡᠭᠡᠳ 1 ᠲᠦᠮᠡᠨ ᠲᠥᠭᠦᠷᠢᠭ ᠢᠶᠠᠷ ᠬᠤᠳᠠᠯᠳᠤᠵᠤ ᠪᠠᠶᠢᠨ᠎ᠠ᠃    ᠦᠬᠡᠷ ᠤᠨ ᠢᠶᠠᠨ ᠡᠭᠦᠯᠳᠡᠷ ᠢ ᠰᠢᠯᠢᠳᠡᠭᠵᠢᠭᠦᠯᠪᠡ    ᠭᠤᠤᠯᠳᠠᠮᠤᠷ 2005 ᠣᠨ ᠠᠴᠠ ᠡᠬᠢᠯᠡᠨ ᠰᠢᠮᠧᠨ᠋ᠲ᠋ᠠᠷ ᠦᠬᠡᠷ ᠮᠠᠯᠵᠢᠵᠤ᠂ 2019 ᠣᠨ ᠳᠤ 36 ᠲᠦᠮᠡᠨ ᠲᠥᠭᠦᠷᠢᠭ ᠵᠠᠷᠤᠴᠠᠭᠤᠯᠤᠨ ᠠᠦ᠋ᠰᠲᠷᠠᠯᠢᠶ᠎ᠠ ᠠᠴᠠ 20 ᠰᠢᠮᠧᠨ᠋ᠲ᠋ᠠᠷ ᠦᠬᠡᠷ ᠬᠤᠳᠠᠯᠳᠤᠨ ᠠᠪᠴᠢᠷᠠᠵᠤ᠂ ᠡᠭᠦᠯᠳᠡᠷ ᠢᠶᠠᠨ ᠨᠠᠩ ᠰᠢᠯᠢᠳᠡᠭᠵᠢᠭᠦᠯᠦᠭᠰᠡᠨ ᠪᠠᠶᠢᠨ᠎ᠠ᠃    ᠡᠳᠡᠨᠡᠶᠢᠬᠢᠨ 2020 ᠣᠨ ᠳᠤ《ᠭᠤᠤᠯᠲᠠ》ᠭᠡᠷ ᠪᠦᠯᠢ ᠶᠢᠨ ᠮᠠᠯᠵᠢᠯ ᠤᠨ ᠲᠠᠯᠠᠪᠠᠢ ᠪᠠᠨ ᠳᠠᠩᠰᠠᠯᠠᠭᠤᠯᠤᠨ ᠪᠠᠶᠢᠭᠤᠯᠵᠦ᠂ 2023 ᠣᠨ ᠳᠤ ᠭᠡᠷ ᠪᠦᠯᠢ ᠶᠢᠨ ᠮᠠᠯᠵᠢᠯ ᠤᠨ ᠲᠠᠯᠠᠪᠠᠢ ᠨᠢ ᠠᠶᠢᠮᠠᠭ ᠤᠨ ᠳᠡᠰ ᠤᠨ  ᠵᠢᠱᠢᠶ᠎ᠡ ᠦᠵᠡᠭᠦᠯᠬᠦ ᠭᠡᠷ ᠪᠦᠯᠢ ᠶᠢᠨ ᠮᠠᠯᠵᠢᠯ ᠤᠨ ᠲᠠᠯᠠᠪᠠᠢ ᠪᠠᠷ ᠦᠨᠡᠯᠡᠭᠳᠡᠨ᠂ 2023 ᠣᠨ ᠳᠤ ᠦᠬᠡᠷ ᠤᠨ ᠰᠦᠷᠦᠭ ᠨᠢ ᠠᠶᠢᠮᠠᠭ ᠤᠨ ᠳᠡᠰ ᠤᠨ ᠮᠢᠬᠠᠨ ᠤ ᠦᠬᠡᠷ ᠤᠨ ᠭᠤᠤᠯᠳᠠᠯᠭᠠᠲᠤ ᠰᠦᠷᠦᠭ ᠢᠶᠠᠷ ᠦᠨᠡᠯᠡᠭᠳᠡᠪᠡ᠃    ᠭᠤᠤᠯᠳᠠᠮᠤᠷ ᠤᠨ ᠮᠠᠯᠵᠢᠯ ᠤᠨ ᠤᠬᠠᠭᠠᠨ    ᠭᠤᠤᠯᠳᠠᠮᠤᠷ ᠤᠨ ᠬᠢᠨ ᠵᠣᠨ ᠤ ᠤᠯᠠᠷᠢᠯ ᠲᠤᠭᠤᠯ ᠤᠳ ᠢᠶᠠᠨ ᠣᠷᠣᠭᠤᠯᠤᠭᠠᠳ 200 ᠭᠠᠷᠤᠶ ᠦᠭᠡᠷ ᠮᠠᠯᠵᠢᠵᠤ ᠪᠠᠶᠢᠳᠠᠭ᠃ ᠣᠶᠢᠷ᠎ᠠ ᠶᠢᠨ ᠬᠤᠶᠠᠷ ᠵᠢᠯ ᠠᠴᠠ ᠡᠳᠡᠨᠡᠶᠢᠬᠢᠨ ᠵᠢᠯ ᠤᠨ ᠶᠡᠷᠡᠭᠡᠳ ᠲᠤᠭᠤᠯ ᠲᠤᠰᠴᠤ᠂ ᠨᠠᠮᠤᠷ ᠤᠨ ᠰᠡᠭᠦᠯᠴᠢ ᠪᠠᠷ ᠳᠠᠯᠠᠭᠠᠳ ᠲᠤᠭᠤᠯ ᠪᠣᠯᠤᠨ ᠲᠠᠷᠭᠤ ᠬᠦᠴᠦ ᠠᠨᠠᠶ ᠡᠬᠡ ᠮᠠᠯ ᠢᠶᠠᠨ ᠬᠤᠳᠠᠯᠳᠤᠵᠤ᠂ ᠡᠪᠦᠯᠵᠢᠶᠡᠨ ᠳᠤ ᠪᠠᠨ 100 ᠭᠠᠷᠤᠶ ᠣᠨᠳᠣᠷᠣᠬᠤ ᠡᠬᠡ ᠮᠠᠯ ᠦᠯᠡᠳᠡᠭᠡᠳᠡᠭ᠃ ᠰᠢᠮᠧᠨ᠋ᠲ᠋ᠠᠷ ᠦᠬᠡᠷ ᠢ ᠪᠤᠰᠤᠳ ᠡᠭᠦᠯᠳᠡᠷ ᠤᠨ ᠦᠬᠡᠷ ᠲᠠᠢ ᠬᠠᠷᠢᠴᠠᠭᠤᠯᠪᠠᠯ ᠠᠷᠠᠴᠢᠯᠠᠵᠤ ᠳᠣᠳᠣᠮᠳᠠᠬᠤ ᠲᠠᠯ᠎ᠠ ᠪᠠᠷ ᠨᠠᠷᠢᠯᠢᠭ ᠪᠠᠶᠢᠵᠤ᠂ ᠡᠪᠡᠰᠦ ᠪᠣᠷᠳᠤᠭ᠎ᠠ ᠢᠯᠡᠭᠦᠦ ᠵᠠᠷᠤᠴᠠᠭᠤᠯᠳᠠᠭ᠃ ᠡᠳᠡᠨᠡᠶᠢᠬᠢᠨ ᠵᠢᠯ ᠳᠤ ᠪᠠᠨ ᠡᠪᠡᠰᠦ ᠪᠣᠷᠳᠤᠭ᠎ᠠ ᠪᠠᠨ ᠭᠦᠢᠴᠡᠳ ᠪᠡᠯᠡᠳᠬᠡᠵᠦ᠂ ᠦᠬᠡᠷ ᠤᠨ ᠪᠤᠳᠠᠭᠠᠯᠢ ᠪᠡᠶ᠎ᠡ ᠳᠤ ᠵᠣᠬᠢᠴᠠᠭᠤᠯᠤᠨ᠂ ᠨᠢᠭᠡ ᠦᠬᠡᠷ ᠲᠤ ᠡᠳᠦᠷ ᠤᠨ 23 ᠵᠢᠩ ᠡᠪᠡᠰᠦ᠂ 3 ᠵᠢᠩ ᠪᠣᠷᠳᠤᠭ᠎ᠠ ᠥᠭᠴᠦ᠂ ᠳᠤᠭᠤᠯᠯᠠᠭᠰᠠᠨ ᠦᠨᠢᠶᠡᠳ ᠲᠤ ᠪᠠᠨ 5 ᠵᠢᠩ ᠪᠣᠷᠳᠤᠭ᠎ᠠ ᠥᠭᠲᠡᠭ᠃    ᠰᠢᠯᠢᠳᠡᠭ ᠡᠭᠦᠯᠳᠡᠷ ᠤᠨ ᠮᠠᠯ ᠠᠴᠠ ᠥᠨᠳᠥᠷ ᠠᠰᠢᠭ ᠣᠷᠣᠯᠭ᠎ᠠ ᠡᠭᠦᠳᠦᠨ᠎ᠡ    ︽ᠮᠠᠨᠠᠶᠢᠬᠢᠨ ᠬᠤᠪᠢᠳᠠᠵᠤ ᠣᠯᠤᠭᠰᠠᠨ 980 ᠮᠦ ᠨᠤᠲᠤᠭ ᠠᠴᠠ ᠪᠠᠨ ᠭᠠᠳᠠᠨ᠎ᠠ ᠪᠤᠰᠤᠳ ᠠᠴᠠ 8000 ᠮᠦ ᠨᠤᠲᠤᠭ ᠲᠦᠷᠢᠶᠡᠰᠦᠯᠡᠵᠦ ᠪᠠᠶᠢᠨ᠎ᠠ᠃ ᠪᠢ ᠦᠬᠡᠷ ᠤᠨ ᠢᠶᠠᠨ ᠡᠭᠦᠯᠳᠡᠷ ᠤᠨ ᠴᠢᠨᠠᠷᠵᠢᠯ ᠢ ᠪᠠᠲᠤᠯᠠᠬᠤ ᠶᠢᠨ ᠲᠥᠯᠥᠭᠡ ᠥᠪᠡᠷᠲᠡᠭᠡᠨ ᠬᠡᠭᠡᠯᠳᠦᠭᠦᠯᠭᠡ ᠶᠢᠨ ᠮᠡᠷᠭᠡᠵᠢᠯ ᠰᠣᠷᠣᠭᠰᠠᠨ᠂ ᠤᠶᠢᠷ᠎ᠠ ᠶᠢᠨ ᠬᠤᠶᠠᠷ ᠵᠢᠯ ᠳᠤ ᠦᠭᠡᠷ ᠤᠨ ᠦᠨ᠎ᠡ ᠬᠠᠩᠰᠢ ᠪᠠᠭᠤᠷᠠᠭᠰᠠᠨ ᠴᠦ ᠮᠢᠨᠦ ᠲᠤᠭᠤᠯ ᠤᠳ ᠲᠡᠭᠰᠢᠳᠬᠡᠭᠡᠳ 1 ᠲᠦᠮᠡᠨ ᠲᠥᠭᠦᠷᠢᠭ ᠲᠤ ᠬᠦᠷᠴᠦ᠂  ᠡᠨᠡ ᠨᠢ ᠪᠤᠰᠤᠳ ᠡᠭᠦᠯᠳᠡᠷ  ᠤᠨ ᠦᠬᠡᠷ ᠲᠠᠢ ᠬᠠᠷᠢᠴᠠᠭᠤᠯᠪᠠᠯ 2000- 3000 ᠭᠠᠷᠤᠶ ᠲᠥᠭᠦᠷᠢᠭ ᠤᠨ ᠢᠯᠡᠭᠦᠦ ᠣᠷᠣᠯᠭ᠎ᠠ ᠡᠭᠦᠳᠴᠦ ᠪᠠᠶᠢᠨ᠎ᠠ᠃ ᠪᠢ ᠪᠠᠰᠠ ᠨᠢᠭᠡ ᠪᠦᠯᠦᠭ ᠡᠷ᠎ᠡ ᠲᠤᠭᠤᠯ ᠢᠶᠠᠨ ᠦᠷ᠎ᠡ ᠶᠢᠨ ᠮᠠᠯ ᠢᠶᠠᠷ ᠵᠠᠷᠤᠴᠠᠭᠤᠯᠳᠠᠭ》ᠭᠡᠵᠦ ᠭᠤᠤᠯᠳᠠᠮᠤᠷ ᠶᠠᠷᠢᠨ᠎ᠠ᠃    ᠰᠠᠭᠤᠷᠢ ᠪᠦᠲᠦᠭᠡᠨ ᠪᠠᠶᠢᠭᠤᠯᠤᠯᠲᠠ ᠪᠠᠨ ᠰᠠᠶᠢᠵᠢᠷᠠᠭᠤᠯᠪᠠ    ᠡᠳᠡᠨᠡᠶᠢᠬᠢᠨ ᠰᠠᠭᠤᠷᠢ ᠪᠦᠲᠦᠭᠡᠨ ᠪᠠᠶᠢᠭᠤᠯᠤᠯᠲᠠ ᠪᠠᠨ ᠰᠠᠶᠢᠳᠤᠷ ᠬᠢᠵᠦ᠂ 800 ᠬᠠᠪᠲᠠᠭᠠᠶ ᠳᠥᠷᠪᠡᠯᠵᠢᠨ ᠮᠧᠲᠷ ᠤᠨ ᠫᠧᠩ ᠰᠠᠷᠠᠪᠴᠢ᠂ 500 ᠬᠠᠪᠲᠠᠭᠠᠶ ᠳᠥᠷᠪᠡᠯᠵᠢᠨ ᠮᠧᠲᠷ ᠤᠨ ᠡᠬᠡ ᠮᠠᠯ ᠤᠨ ᠫᠧᠩ᠂ 300 ᠬᠠᠪᠲᠠᠭᠠᠶ ᠳᠥᠷᠪᠡᠯᠵᠢᠨ ᠮᠧᠲᠷ ᠤᠨ ᠲᠤᠭᠤᠯ ᠤᠨ ᠳᠤᠯᠠᠭᠠᠨ ᠫᠧᠩ᠂ 200 ᠬᠠᠪᠲᠠᠭᠠᠶ ᠳᠥᠷᠪᠡᠯᠵᠢᠨ ᠮᠧᠲᠷ ᠤᠨ ᠮᠠᠰᠢᠨ ᠲᠥᠬᠦᠭᠡᠷᠦᠮᠵᠢ ᠶᠢᠨ ᠫᠧᠩ᠂ ᠡᠪᠡᠰᠦ ᠬᠠᠳᠠᠭᠠᠯᠠᠬᠤ ᠫᠧᠩ ᠢ ᠪᠠᠶᠢᠭᠤᠯᠤᠭᠰᠠᠨ ᠤ ᠬᠠᠮᠲᠤ ᠴᠠᠬᠢᠯᠭᠠᠨ ᠬᠤᠳᠳᠤᠭ᠂ ᠡᠪᠡᠰᠦ ᠬᠠᠳᠤᠬᠤ ᠮᠠᠰᠢᠨ᠂ ᠡᠪᠡᠰᠦ ᠪᠣᠷᠳᠤᠭ᠎ᠠ ᠲᠡᠭᠡᠭᠡᠪᠦᠷᠢᠯᠡᠬᠦ ᠠᠴᠢᠶᠠᠨ ᠤ ᠮᠠᠰᠢᠨ ᠵᠡᠷᠭᠡ ᠮᠠᠰᠢᠨ ᠮᠧᠬᠠᠨᠢᠭ ᠢ ᠢᠵᠢ ᠪᠦᠷᠢᠳᠦᠭᠦᠯᠦᠭᠰᠡᠨ ᠪᠠᠶᠢᠨ᠎ᠠ᠃    ᠣᠯᠤᠭᠰᠠᠨ ᠠᠮᠵᠢᠯᠲᠠ:    ᠪᠠᠷᠠᠭᠤᠨ ᠦᠵᠦᠮᠦᠴᠢᠨ ᠬᠤᠰᠢᠭᠤᠨ ᠤ 2022 ᠣᠨ ᠤ ᠰᠢᠯᠢᠳᠡᠭ ᠡᠭᠦᠯᠳᠡᠷ ᠤᠨ ᠮᠢᠬᠠᠨ ᠤ ᠥᠬᠡᠷ ᠤᠨ ᠠᠳᠠᠯᠢᠳᠬᠠᠨ ᠰᠢᠯᠭᠠᠷᠠᠭᠤᠯᠤᠯᠲᠡ ᠳᠤ ᠨᠢᠭᠡ ᠰᠢᠮᠧᠨ᠋ᠲ᠋ᠠᠷ ᠥᠬᠢᠨ ᠲᠤᠭᠤᠯ ᠨᠢ ᠨᠢᠭᠡᠳᠦᠭᠡᠷ ᠲᠠᠰ᠂ ᠨᠢᠭᠡ  ᠰᠢᠮᠧᠨ᠋ᠲ᠋ᠠᠷ ᠡᠷ᠎ᠡ ᠲᠤᠭᠤᠯ ᠨᠢ ᠬᠤᠶ᠋ᠳᠤᠭᠠᠷ ᠲᠠᠰ ᠲᠤ ᠰᠢᠯᠭᠠᠷᠠᠪᠠ᠃    2023 ᠣᠨ ᠤ ᠪᠠᠷᠠᠭᠤᠨ ᠦᠵᠦᠮᠦᠴᠢᠨ ᠬᠤᠰᠢᠭᠤᠨ ᠤ ᠠᠷᠪᠠᠨ ᠳᠥᠷᠪᠡᠳᠦᠭᠡᠷ ᠤᠳᠠᠭᠠᠨ ᠤ ᠠᠷᠠᠳ ᠤᠨ ᠶᠡᠭᠡ ᠨᠠᠶᠢᠷ ᠤᠨ ᠥᠨᠢᠷ ᠰᠦᠷᠦᠭ ᠤᠨ ᠰᠢᠯᠭᠠᠷᠠᠭᠤᠯᠤᠯᠲᠠ ᠳᠤ ᠨᠢᠭᠡ ᠰᠢᠮᠧᠨ᠋ᠲ᠋ᠠᠷ ᠥᠬᠢᠨ ᠲᠤᠭᠤᠯ ᠨᠢ ᠨᠢᠭᠡᠳᠦᠭᠡᠷ ᠲᠠᠰ᠂ ᠨᠢᠭᠡ ᠰᠢᠮᠧᠨ᠋ᠲ᠋ᠠᠷ ᠡᠷ᠎ᠡ ᠲᠤᠭᠤᠯ ᠨᠢ ᠭᠤᠷᠪᠠᠳᠤᠭᠠᠷ ᠳᠠᠰ ᠲᠤ ᠰᠢᠯᠭᠠᠷᠠᠪᠠ᠃    2024 ᠣᠨ ᠤ ᠰᠢᠯᠢ ᠶᠢᠨ ᠭᠤᠤᠯ ᠠᠶᠢᠮᠠᠭ ᠤᠨ ᠠᠷᠪᠠᠨ ᠶᠢᠰᠦᠳᠦᠭᠡᠷ ᠬᠤᠭᠤᠴᠠᠭᠠᠨ ᠤ ᠥᠨᠢᠷ ᠰᠥᠷᠦᠭ ᠤᠨ ᠰᠢᠯᠭᠠᠷᠠᠭᠤᠯᠤᠯᠲᠠ ᠳᠤ ᠨᠢᠭᠡ ᠰᠢᠮᠧᠨ᠋ᠲ᠋ᠠᠷ ᠥᠬᠢᠨ ᠳᠤᠭᠤᠯ ᠨᠢ ᠭᠤᠷᠪᠠᠳᠤᠭᠠᠷ ᠳᠡᠰ ᠲᠤ ᠰᠢᠯᠭᠠᠷᠠᠪᠠ᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠬᠠᠮ ᠵᠠᠭᠤᠴᠢᠯᠠᠭᠤᠷ ᠤᠨ ᠮᠣᠩᠭᠤᠯ ᠵᠢᠷᠭᠢᠶ᠎ᠡ ᠶᠢᠨ ᠳᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号