ᠦᠬᠡᠷ ᠮᠠᠩᠬᠠᠨ ᠤ ᠦᠴᠦᠭᠡᠳᠦᠷ ᠦᠨᠦᠳᠦᠷ
ᠨᠡᠶᠢᠲᠡᠯᠡᠭᠰᠡᠨ ᠴᠠᠭ᠄
2025/4/29
    ᠬᠠᠪᠣᠷ ᠤᠨ ᠣᠷᠢᠨ ᠴᠠᠭ ᠢᠷᠡᠵᠦ ᠡᠪᠡᠰᠦ ᠮᠣᠳᠣ ᠠᠮᠢᠯᠠᠵᠣ ᠡᠬᠢᠯᠡᠬᠦ ᠪᠠᠷ ᠮᠠᠯᠴᠢᠨ ᠲᠦᠮᠡᠨᠨᠠᠰᠣᠳᠣ ᠶᠢᠨ ᠬᠢ ᠮᠠᠩᠬ᠎ᠠ  ᠲᠠᠢ ᠭᠠᠵᠠᠷ ᠢᠶᠠᠨ ᠲᠠᠷᠢᠵᠣ ᠨᠣᠭᠤᠭᠠᠷᠠᠭᠤᠯᠬᠤ ᠠᠵᠢᠯ ᠳᠤ ᠪᠠᠨ ᠭᠠᠷᠳᠠᠭ᠂ ᠡᠳᠡᠨᠡᠶᠢᠬᠢ ᠨᠢ ᠡᠨᠡᠬᠦ ᠠᠵᠢᠯ ᠢᠶᠠᠨ ᠪᠠᠷᠢᠮᠳᠠᠯᠠᠭᠰᠠᠭᠠᠷ ᠡᠳᠦᠬᠡ ᠬᠤᠷᠢᠭᠠᠳ ᠵᠢᠯ ᠤᠨ ᠴᠠᠭ ᠢ ᠲᠣᠭᠤᠯᠵᠠᠢ᠃
    ᠲᠦᠮᠡᠨᠨᠠᠰᠣᠳᠣ ᠶᠢᠨ ᠬᠢ ᠪᠣᠯ ᠪᠠᠶᠠᠨᠬᠤᠰᠢᠭᠤ ᠰᠣᠮᠣᠨ ᠤ ᠪᠠᠶᠠᠨᠴᠠᠭᠠᠨ ᠭᠠᠴᠠᠭᠠᠨ ᠤ ᠮᠠᠯᠴᠢᠨ ᠠᠶᠢᠯ ᠤᠨ ᠨᠢᠭᠡ᠂ ᠨᠠᠶᠠᠭᠠᠳ ᠣᠨ ᠳᠤ ᠡᠨᠡ ᠬᠡᠰᠡᠭ ᠦᠬᠡᠷ ᠮᠠᠩᠬ᠎ᠠ ᠬᠡᠮᠡᠬᠦ ᠭᠠᠵᠠᠷ ᠢ ᠪᠠᠭᠳᠠᠭᠠᠭᠰᠠᠨ ᠪᠡᠯᠴᠢᠭᠡᠷ ᠨᠣᠳᠤᠭ ᠢ ᠬᠤᠪᠢᠳᠠᠨ ᠣᠯᠣᠭᠰᠠᠨ ᠠᠴᠠ ᠨᠠᠰᠢ ᠮᠠᠯ ᠠᠵᠣ ᠠᠬᠤᠢ ᠪᠠᠨ ᠡᠷᠬᠢᠯᠡᠨ ᠡᠨᠡ ᠨᠣᠳᠤᠭ ᠢᠶᠠᠨ ᠡᠵᠡᠩᠨᠡᠨ ᠰᠠᠭᠤᠭᠰᠠᠭᠠᠷ ᠢᠷᠡᠭᠰᠡᠨ ᠪᠦᠭᠡᠳ ᠲᠣᠬᠠᠢ ᠶᠢᠨ ᠦᠶ᠎ᠡ ᠳᠤ ᠡᠯᠡᠰᠦᠷᠭᠡᠭᠵᠢᠯ ᠪᠠᠭ᠎ᠠ ᠬᠡᠮᠵᠢᠶ᠎ᠡ ᠪᠠᠷ ᠣᠷᠣᠰᠢᠵᠣ ᠪᠠᠶᠢᠵᠠᠢ᠃ ᠲᠡᠭᠦᠨ ᠠᠴᠠ ᠨᠠᠰᠢ ᠬᠦᠷᠦᠰᠦᠨ ᠤ ᠢᠳᠡᠭᠳᠡᠯ᠂ ᠰᠠᠯᠬᠢ ᠰᠢᠭᠤᠷᠭ᠎ᠠ᠂ ᠠᠭᠤᠷ ᠠᠮᠢᠰᠬᠤᠯ ᠤᠨ ᠨᠥᠯᠦᠭᠡ ᠪᠠᠷ ᠡᠯᠡᠰᠦᠷᠭᠡᠭᠵᠢᠯ ᠨᠢ ᠢᠳᠡᠭ ᠢᠳᠡᠭ ᠢᠶᠠᠷ ᠭᠠᠵᠠᠷ ᠠᠪᠴᠦ᠂ ᠮᠠᠯ ᠠᠵᠣ ᠠᠬᠤᠢ᠂ ᠠᠮᠢᠳᠣᠷᠠᠯ ᠣᠨᠳᠣᠷᠣᠯᠭ᠎ᠠ ᠶᠢ ᠨᠢ ᠨᠦᠯᠦᠭᠡᠯᠡᠵᠦ ᠡᠬᠢᠯᠡᠭᠰᠡᠨ ᠲᠡᠷᠡᠪᠡᠷ ᠡᠯᠡᠰᠦ ᠶᠢ ᠲᠣᠭᠳᠠᠪᠣᠷᠢᠵᠢᠭᠤᠯᠣᠨ᠂ ᠪᠡᠯᠴᠢᠭᠡᠷ ᠨᠣᠳᠤᠭ ᠢᠶᠠᠨ ᠬᠠᠮᠠᠭᠠᠯᠠᠬᠤ ︿ᠣᠳᠠᠭᠠᠨ ᠲᠠᠭᠠᠭᠠᠮᠠᠭᠠᠢ ᠲᠠᠶᠢᠨ﹀ ᠢᠶᠠᠨ ᠡᠬᠢᠯᠡᠬᠦᠯᠦᠭᠰᠡᠨ ᠪᠠᠶᠢᠨ᠎ᠠ᠃
   ᠲᠡᠷᠡᠪᠡᠷ ᠭᠡᠷ ᠪᠦᠯᠢ ᠶᠢᠨ ᠢᠶᠠᠨ ᠬᠦᠮᠦᠰ ᠲᠠᠢ 2000 ᠣᠨ ᠤ ᠡᠬᠢᠨ ᠠᠴᠠ ᠬᠤᠰᠢᠭᠤᠨ ᠤ ᠪᠠᠨ ᠬᠠᠮᠢᠶ᠎ᠠ ᠪᠦᠬᠦᠢ ᠪᠠᠶᠢᠭᠤᠯᠣᠯᠭ᠎ᠠ ᠨᠢᠭᠡᠴᠡ ᠲᠠᠢ ᠬᠠᠷᠢᠯᠴᠠᠨ ᠦᠬᠡᠷ ᠮᠠᠩᠬᠠᠨ ᠤ ᠬᠡᠰᠡᠭ ᠤᠨ ᠡᠯᠡᠰᠦ ᠶᠢ ᠲᠣᠭᠳᠠᠪᠣᠷᠢᠵᠢᠭᠤᠯᠬᠤ ᠠᠵᠢᠯ ᠢ ᠲᠠᠭᠠᠭᠠᠴᠢᠯᠠᠨ ᠠᠪᠴᠦ᠂ ᠣᠯᠠᠭᠠᠨᠬᠠᠳᠠ ᠬᠤᠳᠠ ᠠᠴᠠ ᠣᠷᠢᠳ ᠬᠤᠵᠢᠳ ᠪᠣᠷᠣ ᠪᠣᠷᠭᠠᠰᠣ᠂ ᠰᠢᠷ᠎ᠠ ᠪᠣᠷᠭᠠᠰᠣ᠂ ᠠᠯᠳᠠᠨ ᠬᠠᠷᠭᠠᠨ᠎ᠠ᠂ ᠨᠣᠬᠠᠢ ᠶᠢᠨ ᠬᠤᠰᠢᠭᠤ ᠵᠡᠷᠭᠡ ᠠᠷᠪᠠᠭᠠᠳ ᠲᠦᠷᠦᠯ ᠤᠨ ᠣᠷᠭᠤᠮᠠᠯ ᠣᠷᠣᠭᠤᠯᠣᠨ ᠲᠣᠷᠰᠢᠨ ᠲᠠᠷᠢᠭᠰᠠᠨ ᠪᠦᠭᠡᠳ ᠬᠤᠰᠢᠭᠤ ᠮᠠᠯ ᠠᠵᠣ ᠠᠬᠤᠢ ᠰᠢᠨᠵᠢᠯᠡᠭᠡ ᠮᠡᠷᠭᠡᠵᠢᠯ ᠤᠨ ᠲᠣᠪᠴᠢᠶ᠎ᠠ᠂ ᠣᠰᠣᠨ ᠠᠰᠢᠭᠯᠠᠯᠲᠠ ᠶᠢᠨ ᠲᠣᠪᠴᠢᠶ᠎ᠠ ᠵᠡᠷᠭᠡ ᠨᠢᠭᠡᠴᠡ ᠠᠴᠠ ᠪᠢᠳᠡᠭᠦᠮᠵᠢᠯᠡᠨ ᠬᠠᠮᠠᠭᠠᠯᠠᠬᠤ ᠲᠣᠣᠷ ᠬᠦᠷᠢᠶ᠎ᠡ᠂ ᠣᠰᠣᠯᠠᠬᠤ ᠬᠤᠳᠳᠤᠭ ᠵᠡᠷᠭᠡ ᠲᠦᠷᠦᠯ ᠵᠦᠢᠯ ᠢ ᠣᠯᠭᠤᠨ ᠦᠭᠴᠦ ᠨᠣᠳᠤᠭ ᠪᠡᠯᠴᠢᠭᠡᠷ ᠢᠶᠠᠨ ᠰᠡᠷᠭᠦᠭᠡᠨ ᠨᠣᠭᠤᠭᠠᠷᠠᠭᠤᠯᠬᠤ ᠳᠤ ᠨᠢ ᠲᠦᠭᠦᠮ ᠦᠵᠡᠬᠦᠯᠦᠭᠰᠡᠨ ᠪᠠᠶᠢᠨ᠎ᠠ᠃  
        ᠡᠨᠡ ᠬᠠᠪᠣᠷ ᠲᠦᠮᠡᠨᠨᠠᠰᠣᠳᠣ ᠮᠥᠨ ᠠᠬ᠎ᠠ ᠲᠠᠢ ᠪᠠᠨ ᠬᠤᠶᠠᠭᠤᠯᠠ ᠭᠠᠳᠠᠨ᠎ᠠ ᠠᠴᠠ10000 ᠰᠢᠷᠬᠡᠭ ᠪᠣᠷᠭᠠᠰᠣ᠂ ᠠᠯᠳᠠᠨ ᠬᠠᠷᠭᠠᠨ᠎ᠠ ᠣᠷᠣᠭᠤᠯᠵᠣ ᠡᠯᠡᠰᠦ ᠨᠢ ᠬᠠᠷᠠᠬᠠᠨ ᠲᠣᠭᠳᠠᠪᠣᠷᠢᠵᠢᠭ᠎ᠠ ᠦᠭᠡᠢ ᠬᠡᠰᠡᠭ ᠲᠤ ᠪᠠᠨ ᠲᠠᠷᠢᠵᠣ ᠰᠠᠭᠤᠯᠭᠠᠬᠤ ᠠᠵᠢᠯ ᠢᠶᠠᠨ ᠰᠠᠷ᠎ᠠ ᠰᠢᠬᠠᠮ ᠦᠷᠭᠦᠯᠵᠢᠯᠡᠬᠦᠯᠵᠡᠢ᠃ ᠪᠢᠳᠡ ᠰᠡᠭᠦᠳᠡᠷᠯᠡᠬᠦ ᠮᠠᠰᠢᠨ ᠤ ᠲᠣᠷᠠᠨ ᠢᠶᠠᠷ ᠠᠵᠢᠬᠤ  ᠳᠤ ᠠᠳᠡ ᠬᠤᠷᠢᠭᠠᠳ ᠵᠢᠯ ᠨᠣᠳᠤᠭ ᠢᠶᠠᠨ ᠨᠣᠭᠤᠭᠠᠷᠠᠭᠤᠯᠬᠤ ᠭᠡᠵᠦ ᠵᠢᠳᠬᠦᠵᠦ ᠢᠷᠡᠭᠰᠡᠨ ᠡᠬᠡᠯ ᠵᠢᠷ ᠤᠨ ᠮᠠᠯᠴᠢᠨ ᠤ ᠴᠢᠷᠮᠠᠶᠢᠯᠭ᠎ᠠ ᠶᠢᠨ ᠣᠯᠠ ᠮᠦᠷ ᠬᠠᠷᠠᠭᠳᠠᠵᠣ᠂ ᠣᠣᠯ ᠨᠢ 800 ᠭᠠᠷᠣᠢ ᠮᠦ ᠨᠡᠭᠦᠳᠡᠯ ᠡᠯᠡᠰᠦ ᠲᠠᠢ ᠪᠠᠶᠢᠭᠰᠠᠨ ᠦᠬᠡᠷ ᠮᠠᠩᠬᠠᠨ  ᠤ ᠡᠨᠡ ᠬᠡᠰᠡᠭ᠂ ᠣᠯᠠᠨ ᠵᠢᠯ ᠤᠨ ᠴᠢᠷᠮᠠᠶᠢᠯᠭ᠎ᠠ ᠪᠠᠷ ᠡᠳᠡᠭᠡᠷᠡᠵᠦ ᠲᠦᠯᠵᠢᠭᠰᠡᠨ ᠨᠢ ᠢᠯᠡᠭᠡᠨ ᠬᠠᠷᠠᠭᠳᠠᠵᠣ ᠪᠠᠶᠢᠯ᠎ᠠ     ᠲᠦᠮᠡᠨᠨᠠᠰᠣᠳᠣ ᠭᠤᠸᠠᠢ ᠪᠢᠳᠡᠨ ᠳᠤ ᠣᠯᠠᠨ ᠵᠢᠯ ᠡᠨᠡ ᠬᠡᠰᠡᠭ ᠪᠡᠯᠴᠢᠭᠡᠷ ᠣᠰᠣ ᠪᠠᠨ ᠨᠣᠭᠤᠭᠠᠷᠠᠭᠤᠯᠬᠤ ᠭᠡᠵᠦ ᠠᠯᠳᠠᠵᠤ ᠣᠨᠣᠵᠣ ᠶᠠᠪᠣᠭᠰᠠᠨ ᠣᠯᠠ ᠮᠦᠷ ᠢᠶᠠᠨ ᠲᠠᠨᠢᠯᠴᠠᠭᠤᠯᠬᠤ ᠳᠠᠭᠠᠨ ︿ᠡᠯᠡᠰᠦ ᠶᠡᠭᠡᠳᠡᠭᠰᠡᠨ ᠲᠡᠷᠡ ᠬᠡᠳᠦᠨ ᠵᠢᠯ ᠳᠤ ᠭᠡᠷ ᠲᠡᠭᠡᠨ ᠣᠷᠣᠬᠤ ᠵᠠᠮ ᠴᠦ ᠲᠠᠷᠣᠭᠳᠠᠵᠣ ᠮᠠᠰᠢᠨ ᠶᠠᠪᠣᠵᠣ ᠴᠢᠳᠠᠬᠤ ᠦᠭᠡᠢ ᠪᠠᠶᠢᠭᠰᠠᠨ᠂ ᠣᠳᠣ ᠬᠦᠷᠦᠰᠦᠯᠡᠵᠦ  ᠡᠯᠡᠰᠦ  ᠨᠢ ᠳᠣᠭᠳᠠᠪᠣᠷᠢᠵᠢᠭᠰᠠᠨ ᠢᠶᠠᠷ  ᠨᠡᠭᠦᠳᠡᠯ ᠡᠯᠡᠰᠦ ᠬᠡᠶᠢᠰᠬᠦ ᠦᠭᠡᠢ ᠰᠠᠶᠢᠬᠠᠨ ᠪᠣᠯᠵᠠᠢ᠂ ᠠᠵᠢᠯ ᠢᠶᠠᠨ ᠬᠢᠬᠦ ᠳᠤ ᠴᠤ ᠣᠷᠮ᠎ᠠ  ᠲᠠᠢ﹀ ᠭᠡᠵᠦ ᠠᠵᠢᠯ ᠬᠦᠳᠡᠯᠮᠦᠷᠢ ᠶᠢᠨ ᠢᠶᠠᠨ ᠦᠷ᠎ᠡ ᠪᠦᠳᠦᠭᠡᠯ ᠢᠶᠠᠷ ᠪᠠᠭ᠋ᠠᠷᠬᠠᠨ ᠶᠠᠷᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号