ᠤᠯᠠᠩᠬᠢ ᠬᠥᠮᠤᠰ ᠤᠨᠳᠠᠬᠤ ᠠᠴᠠ ᠪᠠᠨ ᠡᠮᠤᠨ᠎ᠠ ᠬᠤᠭᠤᠯᠠ ᠢᠳᠡᠬᠦ ᠨᠢ ᠮᠠᠭᠤ ᠭᠡᠵᠦ ᠬᠡᠯᠡᠳᠡᠭ᠂ ᠬᠠᠮᠤᠭ | ᠤᠯᠠᠨ ᠬᠡᠯᠡᠳᠡᠭ ᠰᠢᠯᠳᠠᠭᠠᠨ ᠨᠢ ᠮᠠᠷᠢᠶᠠᠯᠠᠨ᠎ᠠ ᠭᠡᠳᠡᠭ᠃ ᠦᠨᠡᠨ ᠳᠡᠭᠡᠨ᠂ ᠮᠠᠷᠢᠶᠠᠯᠠᠬᠤ ᠨᠢ ᠰᠥᠨᠢ ᠬᠤᠭᠤᠯᠠ | ᠢᠳᠡᠬᠦ ᠲᠠᠢ ᠲᠡᠮᠡᠢ ᠬᠠᠮᠢᠶ᠎ᠠ ᠦᠭᠡᠢ ᠶᠤᠮ᠃ ᠮᠠᠷᠢᠶᠡᠯᠠᠬᠤ ᠶᠢᠨ ᠰᠢᠯᠳᠠᠭᠠᠨ ᠨᠢ ᠰᠢᠩᠭᠡᠭᠡᠬᠦ ᠢᠯᠴᠢ ᠶᠢᠨ ᠬᠡᠮᠵᠢᠶ᠎ᠡ ᠨᠢ | ᠪᠡᠶ᠎ᠡ ᠶᠢᠨ ᠬᠡᠷᠡᠭᠴᠡᠭᠡ ᠠᠴᠠ ᠭᠡᠳᠦᠷᠡᠵᠦ᠂ ᠦᠯᠡᠳᠡᠭᠰᠡᠨ ᠬᠡᠰᠡᠭ ᠨᠢ ᠪᠦᠷ ᠦᠭᠡᠬᠦ ᠪᠣᠯᠵᠦ ᠬᠤᠪᠢᠷᠠᠭᠠᠳ ᠭᠡᠳᠡᠰᠤ᠂ | ᠪᠦᠭᠰᠡ᠂ ᠭᠤᠶ᠎ᠠ ᠳᠡᠭᠡᠷ᠎ᠡ ᠴᠢᠨᠢ ᠨᠠᠭᠠᠯᠳᠤᠳᠡᠭ ᠪᠠᠶᠢᠨ᠎ᠠ᠃ ᠡᠶᠢᠮᠤ ᠠᠴᠠ ᠵᠥᠪᠬᠡᠨ ᠰᠢᠩᠬᠡᠭᠡᠬᠦ ᠢᠯᠴᠢ ᠶᠢᠨ ᠬᠡᠮᠵᠢᠶ᠎ᠡ | ᠨᠢ ᠪᠡᠶ᠎ᠡ ᠶᠢᠨ ᠬᠡᠷᠡᠭᠴᠡᠭᠡ ᠠᠴᠠ ᠪᠠᠨ ᠪᠠᠭ᠎ᠠ ᠪᠠᠶᠢᠪᠡᠯ᠂ ᠲᠠᠷᠤᠢ ᠮᠡᠷᠢᠶᠡᠯᠠᠬᠤ ᠦᠭᠡᠢ ᠶᠤᠮ᠃ ᠬᠡᠷᠪᠡ ᠴᠢ ᠡᠨᠧᠷᠬᠢ | ᠮᠠᠰᠢ ᠦᠨᠳᠣᠷ ᠬᠤᠭᠤᠯᠠ ᠶᠢ ᠴᠠᠳᠳᠡᠯᠡ ᠢᠳᠡᠪᠡᠯ᠂ ᠰᠥᠨᠢ ᠬᠤᠭᠤᠯᠠ ᠢᠳᠡᠬᠦ ᠦᠭᠡᠢ ᠴᠦ ᠭᠡᠰᠡᠨ ᠠᠳᠠᠯᠢᠬᠠᠨ | ᠮᠠᠷᠢᠶᠠᠯᠠᠨ᠎ᠠ︔ ᠬᠡᠷᠪᠡ ᠰᠥᠨᠢ ᠲᠡᠬᠢᠨ ᠵᠢᠭᠠᠬᠠᠨ ᠬᠤᠭᠤᠯᠠ ᠢᠳᠡᠪᠡᠯ ᠨᠡᠩ ᠢᠯᠡᠭᠦᠦ ᠮᠠᠷᠢᠶᠠᠯᠠᠬᠤ ᠪᠣᠯᠣᠨ᠎ᠠ᠃ | ᠬᠡᠯᠡᠯᠭᠡᠨ ᠦᠭᠡᠢ᠂ ᠪᠢᠳᠡ ᠥᠴᠦᠭᠡᠨ ᠴᠦ ᠲᠠᠲᠠᠭᠠᠯᠵᠠᠯ ᠦᠭᠡᠢ ᠪᠠᠷ ᠰᠥᠨᠢ ᠬᠤᠭᠤᠯᠠ ᠢᠳᠡᠵᠤ ᠪᠣᠯᠬᠤ ᠦᠭᠡᠢ᠃ | ᠤᠴᠢᠷ ᠨᠢ ᠰᠥᠨᠢ᠂ ᠣᠨᠴᠠᠭᠠᠯᠠᠨ ᠬᠡᠳᠤ ᠣᠷᠣᠢ ᠬᠤᠭᠤᠯᠠ ᠢᠳᠡᠪᠡᠯ ᠪᠠᠰᠠ ᠵᠠᠷᠢᠮ ᠡᠪᠡᠳᠴᠢᠨ ᠢ ᠡᠭᠦᠰᠭᠡᠵᠦ | ᠮᠡᠳᠡᠨ᠎ᠡ᠃ | ᠦᠨᠡᠨ ᠳᠡᠭᠡᠨ᠂ ᠬᠡᠷᠪᠡ ᠪᠦᠷᠢᠮᠦᠰᠤᠨ ᠣᠷᠣᠢ ᠶᠢᠨ ᠬᠤᠭᠤᠯᠠ ᠢᠳᠡᠬᠦ ᠦᠭᠡᠢ᠂ ︽ᠦᠯᠥᠨ ᠢᠶᠠᠷ ᠣᠨᠲᠠᠬᠤ︾ | ᠳᠤ ᠬᠦᠷᠪᠡᠯ ᠪᠠᠰᠠ ᠪᠡᠶ᠎ᠡ ᠮᠠᠬᠠᠪᠤᠳ ᠲᠤ ᠴᠢᠨᠢ ᠬᠤᠣᠷ ᠬᠦᠨᠣᠭᠡᠯ ᠪᠣᠯᠳᠠᠭ᠃ ᠶᠠᠭᠤ ᠴᠤ ᠭᠡᠰᠡᠨ ᠬᠥᠮᠤᠨ ᠤ | ᠪᠡᠶ᠎ᠡ ᠶᠢᠨ ᠡᠳᠤᠷ ᠪᠦᠷᠢ ᠶᠢᠨ ᠬᠡᠷᠡᠭᠰᠡᠬᠦ ᠡᠨᠧᠷᠬᠢ᠂ ᠰᠢᠮ᠎ᠡ ᠲᠡᠵᠢᠭᠡᠯ ᠪᠦᠷ ᠵᠣᠬᠢᠬᠤ ᠬᠡᠮᠵᠢᠶ᠎ᠡ ᠳᠤ ᠪᠠᠶᠢᠬᠤ ᠬᠡᠷᠡᠭᠲᠡᠢ | ᠂ ᠠᠯᠢ ᠨᠢᠭᠡᠨ ᠴᠠᠭ ᠤᠨ ᠬᠤᠭᠤᠯᠠ ᠪᠠᠨ ᠢᠳᠡᠬᠦ ᠦᠭᠡᠢ᠂ ᠪᠤᠰᠤᠳ ᠦᠶ᠎ᠡ ᠳᠤ ᠪᠠᠰᠠ ᠠᠷᠪᠢᠨ ᠢᠳᠡᠬᠦ ᠦᠭᠡᠢ ᠪᠣᠯ | ᠂ ᠯᠠᠪ ᠬᠠᠩᠭᠠᠯᠭ᠎ᠠ ᠨᠢ ᠬᠦᠷᠤᠯᠴᠠᠡᠬᠦ ᠦᠭᠡᠢ ᠪᠣᠯᠵᠤ᠂ ᠠᠭᠠᠵᠢᠮ ᠢᠶᠠᠷ ᠰᠢᠮ᠎ᠠ ᠲᠡᠵᠢᠭᠡᠯ ᠪᠠᠷᠠᠭᠳᠠᠵᠤ ᠬᠤᠭᠤᠰᠣᠷᠠᠨ᠎ᠠ | ᠃ ᠬᠡᠷᠪᠡ ᠰᠢᠭᠤᠳ ᠲᠦᠭᠦᠮ ᠪᠦᠳᠦᠭᠦᠯᠢᠭ ᠢᠶᠠᠷ ᠣᠷᠣᠢ ᠶᠢᠨ ᠬᠤᠭᠤᠯᠠ ᠢᠳᠡᠬᠦ ᠦᠭᠡᠢ᠂ ᠪᠤᠰᠤᠳ ᠠᠮᠢᠳᠤᠷᠠᠯ ᠤᠨ | ᠳᠠᠳᠬᠠᠯ ᠢᠶᠠᠨ ᠬᠤᠪᠢᠷᠠᠭᠤᠯᠬᠤ ᠦᠭᠡᠢ ᠶᠤᠮ ᠪᠣᠯ᠂ ᠤᠳᠠᠭᠠᠨ ᠳᠠᠭᠠᠨ ᠪᠠᠰᠠ ᠰᠢᠮ᠎ᠡ ᠲᠡᠵᠢᠭᠡᠯ ᠲᠤᠲᠠᠬᠤ | ᠠᠰᠠᠭᠤᠳᠠᠯ ᠭᠠᠷᠤᠨ᠎ᠠ᠂ ᠵᠢᠱᠢᠶᠡᠯᠠᠪᠡᠯ ᠴᠤᠭ ᠰᠦᠯᠲᠡ ᠦᠭᠡᠢ ᠪᠣᠯᠵᠤ᠂ ᠲᠠᠮᠢᠷ ᠲᠠᠩᠬᠡᠬᠡ ᠮᠠᠭᠤᠳᠠᠵᠤ᠂ ᠰᠡᠠᠩᠬᠢᠯ | ᠰᠠᠨᠠᠨ᠎ᠠ ᠲᠠᠷᠤᠭᠠᠰᠤ ᠲᠠᠢ ᠪᠣᠯᠵᠤ᠂ ᠴᠢᠷᠠᠢ ᠵᠢᠰᠤ ᠴᠢᠨᠢ ᠮᠠᠭᠤᠬᠠᠢ ᠪᠣᠯᠣᠨ᠎ᠠ ᠃ ᠡᠳᠡᠭᠡᠷ ᠨᠢ ᠪᠦᠷ ᠰᠢᠮ᠎ᠡ ᠲᠡᠵᠢᠭᠡᠯ | ᠲᠤᠲᠠᠭᠰᠠᠨ ᠤ ᠢᠯᠡᠷᠡᠯ ᠪᠣᠯᠣᠨ᠎ᠠ᠃ | ᠭᠡᠳᠡᠯ᠎ᠡ ᠵᠠᠷᠢᠮ ᠣᠨᠴᠠᠭᠠᠢ ᠡᠪᠡᠳᠴᠢᠲᠡᠨ᠂ ᠣᠷᠣᠢ ᠶᠢᠨ ᠬᠤᠭᠤᠯᠠ ᠢᠳᠡᠬᠦ ᠦᠭᠡᠢ ᠪᠣᠯ ᠲᠡᠳᠡᠨ ᠳᠤ ᠨᠡᠩ ᠶᠡᠭᠡ | ᠨᠦᠯᠥᠭᠡ ᠲᠠᠢ ᠪᠠᠶᠢᠳᠠᠭ᠂ ᠵᠢᠱᠢᠶᠡᠯᠡᠪᠡᠯ ᠰᠢᠩᠭᠡᠭᠡᠯᠲᠡ ᠶᠢᠨ ᠵᠠᠮ ᠤᠨ ᠰᠢᠷᠬᠠᠯᠠᠭ᠎ᠠ ᠲᠠᠢ ᠡᠪᠡᠳᠴᠢᠳᠠᠨ ᠳᠤ ᠠᠪᠴᠤ | ᠬᠡᠯᠡᠪᠡᠯ ᠲᠡᠭᠦᠨ ᠤ ᠰᠢᠩᠭᠡᠭᠡᠯᠲᠡ ᠶᠢᠨ ᠵᠠᠮ ᠤᠨ ᠰᠢᠷᠬᠠᠯᠠᠭ᠎ᠠ ᠶᠢ ᠬᠦᠨᠳᠦᠷᠡᠭᠦᠯᠵᠦ ᠮᠡᠳᠡᠨ᠎ᠡ᠃ | |