︽ᠰᠢᠵᠢᠷ︾ ᠳᠡᠮᠳᠡᠭᠲᠦ ᠦᠬᠡᠷ ᠬᠤᠨᠢᠨ ᠮᠢᠬ᠎ᠠ ᠲᠠᠢ ᠭᠤᠯᠢᠷ ᠬᠤᠭᠤᠯᠠ ᠦᠵᠦᠮᠦᠴᠢᠨ ᠨᠤᠲᠤᠭ ᠠᠴᠠ ᠵᠠᠬ᠎ᠠ ᠳᠡᠯᠭᠡᠭᠦᠷ ᠤᠨ ᠥᠷᠭᠡᠨ ᠵᠠᠢ ᠳᠤ ᠁
ᠨᠡᠶᠢᠲᠡᠯᠡᠭᠰᠡᠨ ᠴᠠᠭ᠄
2025/4/11
    ᠦᠵᠦᠮᠦᠴᠢᠨ ᠨᠤᠲᠤᠭ ᠤᠨ ᠣᠨᠴᠠᠯᠢᠭᠲᠤ ᠦᠬᠡᠷ ᠬᠤᠨᠢᠨ ᠮᠢᠬ᠎ᠠ ᠲᠠᠢ ᠭᠤᠯᠢᠷ ᠬᠤᠭᠤᠯᠠ ᠪᠠᠨ ᠪᠥᠬᠦ ᠤᠯᠤᠰ ᠤᠨ ᠡᠯ᠎ᠡ ᠭᠠᠵᠠᠷ ᠣᠷᠤᠨ ᠳᠤ ᠲᠠᠨᠢᠭᠤᠯᠤᠭᠰᠠᠨ ᠡᠨᠡ ᠥᠬᠢᠨ ᠢ  ᠰᠢᠵᠢᠷ ᠭᠡᠳᠡᠭ᠃ ᠰᠢᠵᠢᠷ ᠪᠠᠷᠠᠭᠤᠨ ᠦᠵᠦᠮᠦᠴᠢᠨ ᠬᠤᠰᠢᠭᠤ ᠪᠠᠷ ᠨᠤᠲᠤᠭᠲᠠᠢ᠃ ᠲᠡᠷᠡᠪᠡᠷ 1997 ᠣᠨ ᠳᠤ ᠲᠥᠷᠦᠵᠦ᠂ ᠦᠨᠳᠦᠷ ᠵᠡᠷᠭᠡ ᠶᠢᠨ ᠳᠤᠮᠳᠠᠳᠤ ᠰᠣᠷᠭᠠᠭᠤᠯᠢ  ᠪᠠᠨ ᠲᠡᠭᠦᠰᠦᠮᠡᠭᠴᠡ ᠴᠡᠷᠢᠭ ᠲᠤ ᠡᠯᠰᠡᠭᠳᠡᠨ᠂ ᠴᠡᠷᠢᠭ ᠠᠩᠭᠢ ᠳᠤ 6 ᠵᠢᠯ ᠤᠨ ᠲᠤᠷᠰᠢ ᠬᠠᠲᠠᠭᠤᠵᠢᠨ ᠪᠤᠯᠪᠠᠰᠣᠷᠠᠵᠤ᠂ 2020 ᠣᠨ ᠳᠤ ᠴᠡᠷᠢᠭ ᠠᠴᠠ ᠪᠠᠨ ᠪᠠᠭᠤᠵᠤ ᠨᠤᠲᠤᠭ ᠲᠠᠭᠠᠨ ᠬᠠᠷᠢᠵᠤ ᠢᠷᠡᠵᠡᠢ  ᠃         ᠣᠷᠣᠨ ᠨᠤᠲᠤᠭ ᠤᠨ ᠪᠦᠲᠦᠭᠡᠭᠳᠡᠭᠦᠨ ᠢᠶᠠᠨ ᠭᠠᠳᠠᠭᠰᠢ ᠣᠬᠠᠭᠤᠯᠬᠤ ᠶᠢ ᠵᠣᠷᠢᠪᠠ     ᠰᠢᠵᠢᠷ ᠨᠤᠲᠤᠭ ᠲᠠᠭᠠᠨ ᠬᠠᠷᠢᠵᠤ ᠢᠷᠡᠭᠰᠡᠨ ᠤ ᠳᠠᠷᠠᠭ᠎ᠠ ᠤᠷᠤᠨ ᠨᠤᠲᠤᠭ ᠤᠨ ᠦᠬᠡᠷ  ᠂ ᠬᠤᠨᠢᠨ ᠮᠢᠬ᠎ᠠ ᠪᠠᠨ ᠬᠡᠷᠬᠢᠨ ᠡᠳ᠋ᠰᠢᠯᠡᠭᠦᠯᠦᠨ ᠪᠤᠯᠪᠠᠰᠣᠷᠠᠭᠤᠯᠵᠤ ᠭᠠᠳᠠᠭᠰᠢ ᠪᠤᠷᠤᠯᠠᠭᠤᠯᠬᠤ ᠶᠢ ᠰᠥᠪᠡᠭᠴᠢᠯᠡᠵᠦ᠂ 2023 ᠣᠨ ᠳᠤ ᠶᠤᠸᠠᠨ ᠱᠧᠩ ᠢᠳᠡᠭᠡᠨ ᠤ ᠬᠢᠵᠠᠭᠠᠷᠲᠤ ᠺᠣᠮᠫᠠᠨᠢ ᠪᠠᠨ ᠳᠠᠩᠰᠠᠯᠠᠭᠤᠯᠤᠨ ᠪᠠᠶᠢᠭᠤᠯᠵᠤ᠂ ᠤᠷᠤᠨ ᠨᠤᠲᠤᠭ ᠤᠨ ᠪᠡᠯᠴᠢᠭᠡᠷᠯᠡᠭᠦᠯᠦᠨ ᠮᠠᠯᠵᠢᠭᠰᠠᠨ ᠦᠬᠡᠷ ᠬᠤᠨᠢᠨ ᠮᠢᠬ᠎ᠠ ᠪᠠᠷ ᠲᠥᠬᠦᠭᠡᠢ ᠮᠠᠲ᠋ᠧᠷᠢᠶᠠᠯ ᠪᠣᠯᠭᠠᠨ  ᠂ ᠪᠣᠷᠴᠠ᠂ ᠦᠬᠡᠷ ᠤᠨ ᠮᠢᠬᠠᠨ ᠵᠢᠶᠠᠩ  ᠂ ᠦᠬᠡᠷ ᠤᠨ ᠮᠢᠬ᠎ᠠ ᠲᠠᠢ ᠭᠤᠯᠢᠷ ᠬᠤᠭᠤᠯᠠ ᠵᠡᠷᠭᠡ ᠲᠠᠯ᠎ᠠ ᠨᠤᠲᠤᠭ  ᠤᠨ ᠤᠨᠴᠠᠯᠢᠭᠲᠤ ᠪᠦᠲᠦᠭᠡᠭᠳᠡᠭᠦᠨ ᠪᠤᠯᠪᠠᠰᠣᠷᠠᠭᠤᠯᠵᠤ᠂ ᠰᠦᠯᠵᠢᠶᠡᠨ ᠳᠡᠭᠡᠷ᠎ᠡ ᠪᠠ ᠰᠦᠯᠵᠢᠶᠡᠨ ᠠᠴᠠ ᠭᠠᠳᠠᠨ᠎ᠠ ᠪᠣᠷᠣᠯᠠᠭᠤᠯᠵᠣ᠂ ᠣᠷᠣᠨ ᠤ ᠲᠤᠳᠤᠨ᠎ᠠ ᠭᠠᠳᠠᠨᠠᠬᠢ ᠬᠡᠷᠡᠭᠯᠡᠭᠴᠢᠳ ᠤᠨ ᠠᠩᠬᠠᠷᠣᠯ ᠢ ᠮᠠᠰᠢ ᠲᠠᠲᠠᠵᠠᠢ  ᠃     ᠦᠵᠦᠮᠦᠴᠢᠨ ᠨᠤᠲᠤᠭ ᠤᠨ ᠦᠬᠡᠷ ᠤᠨ ᠮᠢᠬ᠎ᠠ ᠲᠠᠢ ᠭᠤᠯᠢᠷ ᠬᠤᠭᠤᠯᠠ ᠪᠠᠨ ᠣᠯᠠᠨ ᠳᠤ ᠲᠠᠨᠢᠭᠤᠯᠤᠭᠰᠠᠨ ᠨᠢ     ᠦᠵᠦᠮᠦᠴᠢᠨ ᠨᠣᠲᠤᠭ ᠲᠤ ᠠᠶᠠᠭ᠎ᠠ ᠳᠦᠭᠦᠷᠡᠩ ᠦᠬᠡᠷ ᠤᠨ ᠮᠢᠬ᠎ᠠ ᠲᠠᠢ ᠭᠤᠯᠢᠷ ᠬᠤᠭᠤᠯᠠ ᠨᠢ ᠬᠦᠮᠦᠰ ᠤᠨ ᠬᠠᠮᠤᠭ ᠠᠴᠠ ᠢᠳᠡᠬᠦ ᠳᠤᠷᠠᠲᠠᠢ ᠬᠤᠭᠤᠯᠠ ᠪᠠᠶᠢᠵᠤ᠂ ᠭᠤᠯᠢᠷ ᠬᠤᠭᠤᠯᠠᠨ ᠭᠡᠷ ᠮᠠᠰᠢ ᠬᠥᠭᠵᠢᠶᠡᠨᠲᠡᠢ ᠪᠠᠶᠢᠳᠠᠭ᠃  ᠰᠢᠵᠢᠷ ᠣᠷᠣᠨ ᠨᠤᠲᠤᠭ ᠤᠨ ᠪᠠᠶᠢᠭᠠᠯᠢᠯᠢᠭ ᠰᠢᠨ᠎ᠡ ᠰᠣᠷᠭᠤᠭ ᠦᠬᠡᠷ ᠬᠤᠨᠢᠨ ᠮᠢᠬ᠎ᠠ ᠲᠠᠢ ᠭᠤᠯᠢᠷ ᠬᠤᠭᠤᠯᠠ ᠶᠢ ᠬᠡᠷᠬᠢᠨ ᠳᠦᠭᠦᠮ ᠬᠢᠯᠪᠠᠷ ᠪᠤᠭᠤᠳᠠᠯᠯᠠᠵᠤ᠂ ᠭᠠᠳᠠᠨ᠎ᠠ ᠤᠷᠤᠨ ᠤ ᠬᠦᠮᠦᠰ ᠴᠤ ᠭᠡᠷ ᠲᠡᠭᠡᠨ ᠰᠠᠭᠤᠭᠠᠳ ᠣᠯᠵᠤ ᠢᠳᠡᠬᠦ ᠪᠣᠯᠭᠠᠬᠤ ᠪᠣᠢ ᠭᠡᠮᠡᠨ ᠰᠥᠪᠡᠭᠴᠢᠯᠡᠭᠡᠳ ᠳᠦᠭᠦᠮ ᠭᠤᠯᠢᠷ ᠤᠨ ᠬᠡᠯᠪᠡᠷᠢ ᠪᠠᠷ ᠬᠢᠬᠦ ᠶᠢ ᠵᠣᠷᠢᠵᠠᠢ᠃  ᠪᠦᠲᠦᠭᠡᠭᠳᠡᠬᠦᠨ ᠤ ᠪᠠᠨ ᠶᠠᠰᠤ ᠴᠢᠨᠠᠷ ᠢ ᠦᠨᠡᠨ ᠬᠦ ᠪᠠᠲᠤᠯᠠᠬᠤ ᠶᠢᠨ ᠲᠣᠰᠠᠳᠠ ᠺᠣᠮᠫᠠᠨᠢ ᠨᠢ  ᠣᠷᠣᠨ ᠨᠤᠲᠤᠭ ᠤᠨ ᠮᠠᠯᠴᠢᠳ ᠤᠨ ᠬᠤᠷᠰᠢᠶᠠᠵᠢᠯ ᠲᠠᠢ ᠨᠢᠭᠲᠠ ᠬᠠᠮᠲᠤᠷᠠᠨ ᠠᠵᠢᠯᠯᠠᠵᠤ᠂ ᠨᠢᠭᠡ ᠲᠠᠯ᠎ᠠ ᠪᠠᠷ ᠲᠦᠭᠦᠬᠡᠢ ᠮᠠᠲ᠋ᠧᠷᠢᠶᠠᠯ ᠤᠨ ᠬᠠᠩᠭᠠᠯᠭ᠎ᠠ ᠶᠢᠨ ᠲᠣᠭᠲᠠᠭᠤᠨ ᠴᠢᠨᠠᠷ ᠢ ᠪᠠᠲᠤᠯᠠᠵᠤ᠂ ᠨᠥᠭᠦᠭᠡ ᠲᠠᠯ᠎ᠠ ᠪᠠᠷ ᠮᠢᠬᠠᠨ ᠤ ᠢᠷᠡᠯᠲᠡ ᠶᠢ ᠴᠥᠮ ᠦᠵᠦᠮᠦᠴᠢᠨ ᠤ ᠨᠤᠲᠤᠭ ᠤᠨ ᠪᠡᠯᠴᠢᠭᠡᠷᠯᠡᠨ ᠮᠠᠯᠵᠢᠭᠰᠠᠨ ᠦᠬᠡᠷ ᠬᠤᠨᠢᠨ ᠮᠢᠬ᠎ᠠ ᠪᠠᠶᠢᠬᠤ ᠶᠢ ᠪᠠᠲᠤᠯᠠᠵᠤ᠂ ᠪᠦᠲᠦᠭᠡᠭᠳᠡᠬᠦᠨ ᠤ ᠴᠢᠨᠠᠷ ᠴᠢᠨᠰᠠᠭ᠎ᠠ  ᠂ ᠰᠢᠨ᠎ᠡ ᠰᠣᠷᠭᠤᠭ ᠴᠢᠨᠠᠷ ᠢ ᠡᠬᠢ ᠡᠭᠦᠰᠦᠯ ᠠᠴᠠ ᠨᠢ ᠪᠠᠲᠤᠯᠠᠭᠰᠠᠨ ᠪᠠᠶᠢᠨ᠎ᠠ᠃   ᠡᠶᠢᠨᠬᠦ ᠦᠬᠡᠷ ᠬᠤᠨᠢᠨ ᠮᠢᠬ᠎ᠠ ᠲᠠᠢ ᠭᠤᠯᠢᠷ ᠬᠤᠭᠤᠯᠠ ᠢᠳᠡᠬᠦ ᠳᠣᠷᠠᠲᠠᠢ ᠬᠦᠮᠦᠰ ᠬᠡᠳᠦᠬᠡᠨ ᠮᠢᠨᠦ᠋ᠲ ᠤᠨ ᠳᠣᠲᠣᠷ᠎ᠠ ᠨᠢᠭᠡ ᠠᠶᠠᠭ᠎ᠠ ᠠᠩᠬᠢᠯᠤᠮ᠎ᠠ ᠦᠨᠦᠷ ᠬᠠᠩᠬᠤᠯᠤᠭᠰᠠᠨ ᠲᠠᠯ᠎ᠠ ᠨᠤᠲᠤᠭ ᠤᠨ ᠠᠮᠲᠠᠲᠤ ᠭᠤᠯᠢᠷ ᠬᠤᠭᠤᠯᠠ ᠶᠢ ᠭᠡᠷ ᠠᠴᠠ ᠪᠠᠨ ᠭᠠᠷᠬᠤ ᠦᠭᠡᠢ ᠪᠠᠷ  ᠴᠤ ᠣᠯᠵᠤ ᠢᠳᠡᠬᠦ ᠪᠣᠯᠵᠤ᠂ ︽ᠰᠢᠵᠢᠷ︾ ᠳᠡᠮᠳᠡᠭᠲᠦ ᠦᠬᠡᠷ ᠬᠤᠨᠢᠨ ᠮᠢᠬ᠎ᠠ ᠲᠠᠢ ᠭᠤᠯᠢᠷ ᠬᠤᠭᠤᠯᠠ ᠨᠢ ᠶᠠᠭᠠᠷᠠᠯᠲᠠᠢ ᠠᠵᠢᠯᠯᠠᠵᠤ ᠪᠠᠶᠢᠭ᠎ᠠ ᠬᠥᠮᠥᠰ ᠪᠤᠶᠤ ᠵᠢᠭᠤᠯᠴᠢᠯᠠᠭᠰᠠᠳ ᠡᠰᠡᠬᠦᠯ᠎ᠡ ᠠᠯᠤᠰ ᠬᠤᠯᠠ ᠶᠢᠨ ᠰᠦᠯᠵᠢᠶᠡᠨ ᠬᠡᠷᠡᠭᠯᠡᠭᠴᠢᠳ ᠤᠨ ᠲᠠᠭᠠᠰᠢᠶᠠᠯ ᠢ ᠶᠡᠬᠡᠳᠡ ᠣᠯᠵᠤ᠂ ᠡᠳᠦᠷ ᠪᠦᠷᠢ ᠶᠢᠨ ᠰᠦᠯᠵᠢᠶᠡᠨ ᠪᠤᠷᠤᠯᠠᠭᠤᠯᠭ᠎ᠠ ᠨᠢ 1000  ᠰᠢᠷᠬᠡᠭ ᠢ  ᠳᠠᠪᠠᠭᠰᠠᠨ ᠪᠠᠶᠢᠨ᠎ᠠ᠃     ᠨᠠᠮ ᠵᠠᠰᠠᠭ ᠤᠨ ᠳᠡᠮᠵᠢᠯᠭᠡ ᠨᠢ ᠦᠢᠯᠡᠰ ᠪᠣᠰᠬᠠᠬᠤ ᠵᠠᠮ ᠢ ᠨᠢ ᠰᠢᠯᠤᠭᠤᠳᠬᠠᠪᠠ     ᠬᠤᠷᠢᠨ ᠬᠡᠳᠦᠬᠡᠨ ᠨᠠᠰᠣᠲᠠᠢ ᠰᠢᠵᠢᠷ ᠲᠤ ᠠᠪᠴᠤ ᠬᠡᠯᠡᠪᠡᠯ ᠥᠪᠡᠷ ᠤᠨ ᠭᠡᠰᠡᠨ ᠠᠳᠠᠯ ᠦᠢᠯᠡᠰ ᠪᠣᠰᠬᠠᠬᠤ ᠨᠢ ᠲᠡᠶᠢᠮᠦ ᠴᠤ ᠬᠢᠯᠪᠠᠷᠬᠠᠨ ᠪᠢᠰᠢ ᠪᠠᠶᠢᠯ᠎ᠠ᠃ ᠺᠣᠮᠫᠠᠨᠢ ᠪᠠᠨ ᠪᠠᠶᠢᠭᠤᠯᠤᠭᠰᠠᠨ ᠡᠬᠢᠨ ᠤ ᠬᠤᠭᠤᠴᠠᠭᠠᠨ ᠳᠤ᠂ ᠰᠢᠵᠢᠷ ᠪᠡᠯᠡ ᠮᠥᠩᠭᠦ ᠪᠠᠴᠢᠮ᠂ ᠲᠤᠷᠰᠢᠯᠭ᠎ᠠ ᠳᠤᠲᠠᠮᠠᠭ ᠵᠡᠷᠭᠡ ᠠᠯᠢ ᠣᠯᠠᠨ ᠬᠦᠴᠢᠷ ᠠᠰᠠᠭᠤᠳᠠᠯ ᠳᠤ ᠲᠤᠯᠭᠠᠷᠠᠵᠠᠢ᠃ ᠡᠭᠦᠨ ᠳᠤ᠂ ᠤᠷᠤᠨ ᠨᠤᠲᠤᠭ ᠤᠨ ᠨᠠᠮ ᠵᠠᠰᠠᠭ ᠤᠨ ᠵᠠᠯᠠᠭᠤᠴᠤᠳ ᠤᠨ ᠦᠢᠯᠡᠰ ᠴᠤᠭᠴᠠᠯᠠᠬᠤ ᠶᠢ ᠳᠡᠮᠵᠢᠬᠦ ᠣᠯᠠᠨ ᠵᠦᠢᠯ ᠤᠨ ᠠᠰᠢᠭᠲᠠᠢ ᠲᠥᠷᠥ ᠶᠢᠨ ᠪᠣᠳᠣᠯᠭ᠎ᠠ ᠨᠢ ᠰᠢᠵᠢᠷ ᠲᠤ ︽ᠳᠠᠭᠠᠷᠠᠭᠰᠠᠨ ᠬᠦᠮᠦᠨ ᠳᠤ ᠳᠠᠬᠤ ᠬᠦᠷᠭᠡᠭᠰᠡᠨ︾ ᠮᠡᠲᠦ ᠲᠤᠰᠠ ᠳᠡᠮᠵᠢᠯᠭᠡ  ᠪᠤᠯᠤᠭᠰᠠᠨ ᠪᠠᠶᠢᠨ᠎ᠠ᠃ ᠪᠡᠯᠡ ᠮᠦᠩᠭᠦ ᠶᠢᠨ ᠲᠠᠯ᠎ᠠ ᠪᠠᠷ ᠵᠠᠰᠠᠭ ᠤᠨ ᠣᠷᠳᠣᠨ ᠠᠴᠠ ᠦᠢᠯᠡᠰ ᠪᠤᠰᠬᠠᠬᠤ ᠶᠢ ᠳᠡᠮᠵᠢᠬᠦ ᠬᠦᠦ ᠮᠥᠩᠭᠦ ᠶᠢ ᠨᠦᠬᠦᠪᠦᠷᠢᠯᠡᠬᠦ ᠵᠢᠭᠡᠯᠡᠯᠭᠡ ᠣᠯᠭᠤᠵᠤ᠂ ᠪᠡᠯᠡ ᠮᠥᠩᠭᠦᠨ ᠤ ᠳᠠᠷᠤᠭᠠᠰᠣ ᠶᠢ ᠨᠢ ᠶᠡᠬᠡᠪᠡᠷ ᠬᠥᠩᠭᠡᠷᠡᠭᠦᠯᠵᠦ  ᠂ ᠭᠠᠶᠢᠯᠢ ᠳᠠᠲᠠᠪᠤᠷᠢ ᠶᠢᠨ ᠲᠠᠯ᠎ᠠ ᠪᠠᠷ ᠣᠯᠠᠨ ᠵᠦᠢᠯ ᠤᠨ ᠭᠠᠶᠢᠯᠢ ᠲᠠᠲᠠᠪᠤᠷᠢ ᠶᠢᠨ ᠬᠠᠷᠠᠭᠠᠯᠵᠠᠯ ᠢ ᠬᠦᠷᠲᠡᠭᠡᠵᠦ᠂ ᠡᠵᠡᠩᠨᠡᠯᠲᠡ  ᠶᠢᠨ ᠥᠪᠡᠷ ᠤᠨ ᠥᠷᠲᠡᠭ ᠢ ᠤᠯᠠᠮ ᠨᠢᠭᠡ ᠠᠯᠬᠤᠮ ᠪᠠᠭᠤᠷᠠᠭᠤᠯᠵᠠᠢ᠃ ᠦᠢᠯᠡᠰ ᠪᠤᠰᠬᠠᠬᠤ ᠵᠠᠩᠭᠢᠯᠠᠭ᠎ᠠ ᠶᠢᠨ ᠬᠤᠭᠤᠴᠠᠭᠠᠨ ᠳᠤ᠂ ᠵᠠᠰᠠᠭ ᠤᠨ ᠣᠷᠳᠣᠨ ᠠᠴᠠ ᠦᠢᠯᠡᠳᠪᠦᠷᠢᠯᠡᠯ ᠤᠨ ᠲᠠᠯᠠᠪᠤᠷ ᠤᠨ ᠲᠦᠷᠢᠶᠡᠰᠦᠯᠡᠬᠦ᠂  ᠳᠣᠯᠠᠭᠠᠯᠠᠭ᠎ᠠ ᠂ ᠠᠳᠠᠯ ᠠᠬᠤᠢ ᠶᠢᠨ ᠵᠠᠷᠤᠳᠠᠯ ᠳᠤ ᠵᠣᠬᠢᠬᠤ ᠬᠠᠷᠢᠴᠠᠯ ᠢᠶᠠᠷ ᠨᠥᠬᠦᠪᠦᠷᠢ ᠥᠭᠴᠦ᠂ ᠺᠣᠮᠫᠠᠨᠢ ᠶᠢᠨ ᠡᠵᠡᠩᠨᠡᠯᠲᠡ ᠶᠢᠨ ᠳᠠᠷᠤᠭᠠᠰᠤ ᠶᠢ ᠪᠦᠲᠦᠮᠵᠢᠲᠡᠶ ᠪᠠᠭᠠᠰᠬᠠᠭᠰᠠᠨ ᠠᠴᠠ ᠭᠠᠳᠠᠨ᠎ᠠ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠠᠴᠠ ᠰᠦᠢᠳᠬᠡᠯ ᠬᠤᠷᠢᠶᠠᠬᠤ ᠦᠭᠡᠢ ᠪᠠᠷ ᠠᠳᠠᠯ ᠦᠢᠯᠡᠰ ᠴᠣᠭᠴᠠᠯᠠᠬᠤ ᠵᠢᠯᠤᠭᠤᠳᠤᠮᠵᠢ ᠪᠠ ᠪᠣᠯᠪᠠᠰᠣᠷᠠᠯ ᠬᠢᠴᠢᠶᠡᠯᠯᠡᠭᠡ ᠶᠢᠨ ᠦᠢᠯᠡᠴᠢᠯᠡᠭᠡ ᠬᠠᠩᠭᠠᠵᠤ᠂ ᠠᠵᠤ ᠠᠬᠤᠶᠢᠯᠠᠯ ᠤᠨ ᠬᠠᠮᠢᠶᠠᠷᠤᠯᠲᠠ᠂ ᠵᠠᠬ᠎ᠠ ᠳᠡᠯᠭᠡᠭᠦᠷ ᠤᠨ ᠡᠵᠡᠩᠨᠡᠯᠲᠡ ᠪᠣᠷᠣᠯᠠᠭᠤᠯᠤᠯᠲᠠ ᠵᠡᠷᠭᠡ ᠣᠯᠠᠨ ᠲᠠᠯ᠎ᠠ ᠪᠠᠷ ᠲᠣᠰᠬᠠᠢ ᠮᠡᠷᠭᠡᠵᠢᠯ ᠤᠨ ᠪᠤᠯᠪᠠᠰᠣᠷᠠᠯ ᠬᠦᠷᠲᠡᠭᠡᠪᠡ᠃ ᠰᠢᠵᠢᠷ ᠡᠲᠡᠭᠡᠷ ᠪᠣᠯᠪᠠᠰᠤᠷᠠᠯ ᠬᠢᠴᠢᠶᠡᠯᠯᠡᠭᠡ ᠳᠤ ᠢᠳᠡᠪᠬᠢᠲᠡᠢ ᠣᠷᠣᠯᠴᠠᠵᠤ ᠲᠡᠷᠢᠭᠦᠨ ᠤ ᠬᠠᠮᠢᠶᠠᠷᠤᠯᠲᠠ ᠶᠢᠨ ᠣᠶᠢᠯᠠᠭᠠᠭᠳᠠᠬᠤᠨ ᠪᠠ ᠡᠵᠡᠩᠨᠡᠨ ᠪᠣᠷᠣᠯᠠᠭᠤᠯᠬᠤ ᠤᠷ᠎ᠠ ᠮᠡᠷᠭᠡᠵᠢᠯ ᠢ ᠰᠤᠷᠤᠯᠴᠠᠭᠰᠠᠨ ᠨᠢ ᠲᠡᠭᠦᠨ ᠤ ᠠᠳᠠᠯ ᠦᠢᠯᠡᠰ ᠴᠣᠭᠴᠠᠯᠠᠬᠤ ᠵᠠᠮ ᠳᠤ ᠲᠤᠩ ᠶᠡᠭᠡ ᠲᠤᠰᠠ ᠳᠡᠮ ᠪᠤᠯᠵᠠᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号